ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠬ᠋ ᠪᠤᠶᠠᠨᠲᠣᠭᠲᠠᠬᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠬ᠋  ᠪᠤᠶᠠᠨᠲᠣᠭᠲᠠᠬᠤ ︵ 1882 ~1953︶  ᠊᠊
ᠳ᠋ᠠᠩᠰᠢᠭ ᠤᠨ ᠠᠪᠤᠷᠭᠤ ᠪᠤᠶᠠᠨᠲᠣᠭᠲᠠᠬᠤ ᠰᠡᠴᠡᠨ ᠬᠠᠨ ᠠᠶᠢᠮᠠᠭ ᠤᠨ ᠳᠠᠯᠠᠶ ᠸᠠᠩ ᠤᠨ ᠬᠣᠰᠢᠭᠤ ᠂ ᠣᠳᠣ ᠶᠢᠨ ᠮᠣᠩᠭᠣᠯ ᠤᠯᠤᠰ ᠤᠨ ᠰᠦᠬᠡᠪᠠᠭᠠᠲᠤᠷ ᠠᠶᠢᠮᠠᠭ ᠤᠨ ᠮᠥᠩᠬᠡ ᠬᠠᠨ ᠰᠤᠮᠤ ᠶᠢᠨ ᠮᠥᠩᠬᠡ ᠬᠠᠨ ᠠᠭᠤᠯᠠ ᠶᠢᠨ ᠣᠷᠴᠢᠮ ᠨᠤᠲᠤᠭ ᠲᠤ ᠶᠠᠳᠠᠭᠤ ᠪᠦᠰᠡᠭᠦᠶ ᠬᠣᠷᠯᠣ ᠶᠢᠨ ᠪᠣᠷᠣ ᠭᠡᠷ ᠲᠦ1882 ᠣᠨ ᠤ ᠣᠷᠴᠢᠮ ᠳᠤ ᠮᠡᠨᠳᠦᠯᠡᠵᠡᠢ ᠃ ︽  ᠳ᠋ᠠᠩᠰᠢᠭ ᠤᠨ ᠠᠪᠤᠷᠭᠤ ︾ ᠶᠢᠨ ᠥᠨᠳᠥᠷ ᠠᠯᠳᠠᠷ ᠢ ᠬᠦᠷᠲᠡᠭᠰᠡᠨ ᠡᠨᠡ ᠪᠥᠬᠡ ᠶᠢᠨ ᠪᠠᠷᠢᠯᠳᠤᠭᠠᠨ ᠤ ᠲᠤᠬᠠᠶ ᠳᠤ1901 ᠣᠨ ᠳᠤ ᠳ᠋ᠠᠩᠰᠢᠭ ᠲᠤ ᠠᠷᠪᠠ ᠳᠠᠪᠠᠵᠤ ᠦᠵᠦᠭᠦᠷᠯᠡᠭᠰᠡᠨ ᠪᠠ1907 ᠣᠨ ᠤ ᠠᠷᠪᠠᠨ ᠵᠠᠰᠠᠭ ᠲᠤ ᠲᠡᠷᠢᠭᠦᠯᠡᠵᠦ ᠂ ᠳ᠋ᠠᠩᠰᠢᠭ ᠲᠤ4 ᠤᠳᠠᠭ᠎ᠠ7 ~9 ᠳᠠᠪᠠᠵᠤ ᠂ ᠠᠷᠪᠠᠨ ᠵᠠᠰᠠᠭ ᠲᠤ5 ᠤᠳᠠᠭ᠎ᠠ ᠰᠢᠪᠦᠭᠡᠷᠡᠭᠰᠡᠨ ᠬᠠᠭᠠᠰ ᠳᠤᠲᠠᠭᠤ ᠮᠡᠳᠡᠭᠡ ᠪᠠᠶᠢᠭ᠎ᠠ ᠪᠢᠯᠡ  ᠃1926 ᠣᠨ ᠤ ᠤᠯᠤᠰ ᠤᠨ ᠶᠡᠬᠡ ᠪᠠᠶᠠᠷ ᠨᠠᠭᠠᠳᠤᠮ ᠳᠤ ᠵᠡᠭᠦᠨ ᠳᠦ ᠮᠠᠩᠨᠠᠶᠢᠯᠠᠨ ᠭᠠᠷᠴᠤ ᠂ ᠭᠡᠨᠳᠡᠨᠳᠠᠷᠴᠠ ᠠᠷᠰᠯᠠᠨ ᠢᠶᠠᠷ ᠲᠠᠪᠤ ᠳᠠᠪᠠᠵᠤ ᠪᠠᠶᠢᠵᠠᠶ ᠃