ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠮᠪᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠮᠪᠠ ︵ 1914——1948︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦᠨ ᠪᠠᠢᠯᠳᠤᠭᠠᠨ ᠤ ᠭᠠᠪᠢᠶᠠᠲᠠᠨ᠃ ᠯᠢᠶᠣᠣᠨᠢᠩ ᠮᠤᠵᠢ ᠶᠢᠨ ᠹᠦᠰᠢᠨ ᠰᠢᠶᠠᠨ ᠳᠤ ᠨᠤᠲᠤᠭ ᠲᠠᠢ᠂ ᠮᠣᠩᠭᠤᠯ ᠦᠨᠳᠦᠰᠦᠲᠡᠨ᠂ 1945 ᠣᠨ ᠤ 11 ᠰᠠᠷ᠎ᠠ ᠳᠤ ᠴᠡᠷᠢᠭ ᠲᠦ ᠣᠷᠤᠪᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠮᠥᠨ᠃ 1947 ᠣᠨ ᠤ 7 ᠰᠠᠷ᠎ᠠ ᠶᠢᠨ 1 ᠤ ᠡᠳᠦᠷ ᠲᠡᠭᠦᠨ ᠦ ᠪᠠᠢᠭᠰᠠᠨ ᠰᠤᠮᠤᠨ ᠠᠩᠭᠢ ᠨᠢ ᠹᠡ ᠺᠤ ᠰᠢᠶᠠᠨ ᠤ ᠠᠷᠤ ᠶᠢᠨ ᠾᠦᠢᠧᠸ ᠱᠢ ᠭᠠᠩᠽᠢ ᠳᠤ ᠭᠣᠮᠢᠨᠳᠠᠩ ᠤᠨ ᠴᠡᠷᠢᠭ ᠦᠨ ᠮᠣᠩᠭᠤᠯ 1  ᠳᠦᠭᠡᠷ ᠳ᠋ᠢᠸᠢᠽᠢ ᠶᠢᠨ ᠸᠠᠩ ᠬᠤᠸᠠ ᠰᠢᠩ ᠦᠨ ᠴᠡᠷᠢᠭ  ᠯᠦᠭᠡ ᠲᠤᠯᠤᠯᠳᠤᠬᠤ ᠲᠤᠯᠤᠯᠳᠤᠭᠠᠨ ᠳᠤᠮᠳᠠ ᠵᠠᠮᠪᠠ ᠠᠭᠲᠠ ᠬᠦᠯᠦᠭ ᠢᠶᠡᠨ ᠬᠡᠢᠰᠭᠡᠨ ᠠᠲᠠᠭᠠᠲᠠᠨ ᠳᠠᠢᠰᠤᠨ ᠢ ᠳᠠᠭᠠᠷᠢᠨ ᠳᠣᠪᠲᠤᠯᠪᠠ᠃ ᠳᠠᠢᠰᠤᠨ ᠨᠤᠭᠤᠳ ᠶᠡᠬᠡᠳᠡ ᠠᠶᠤᠵᠤ ᠳᠤᠬᠤ ᠦᠵᠡᠭᠦᠯᠦᠨ ᠳᠤᠲᠠᠭᠠᠬᠤ ᠳᠤ ᠲᠡᠷᠡ ᠰᠠᠯᠠᠭ᠎ᠠ ᠪᠠᠨ ᠳᠠᠭᠠᠭᠤᠯᠵᠤ ᠰᠢᠷᠦᠭᠦᠨ ᠨᠡᠬᠡᠮᠵᠢᠯᠡᠨ᠂ ᠳᠠᠢᠰᠤᠨ ᠯᠤᠭ᠎ᠠ ᠬᠤᠷᠴᠠ ᠰᠢᠷᠦᠭᠦᠨ ᠲᠤᠯᠤᠯᠳᠤᠬᠤ ᠳᠤᠮᠳᠠ ᠪᠠᠨ ᠲᠡᠷᠡ ᠠᠷᠭ᠎ᠠ ᠤᠬᠠᠭᠠᠨ ᠭᠠᠷᠭᠠᠵᠤ᠂ ᠭᠣᠮᠢᠨᠳᠠᠩ ᠤᠨ ᠴᠡᠷᠢᠭ ᠦ᠋ᠨ ᠵᠡᠭᠦᠨ ᠬᠣᠢᠲᠤ ᠶᠢᠨ 《ᠡᠪ ᠬᠠᠮᠲᠤ ᠨᠠᠮ ᠢ ᠱᠦᠭᠦᠷᠳᠡᠨ ᠠᠷᠢᠯᠭᠠᠬᠤ》 ᠭᠠᠵᠠᠷ ᠤᠨ ᠨᠢᠭᠡᠨ ᠬᠤᠪᠢ ᠨᠢᠭᠤᠴᠠ ᠴᠠᠬᠢᠯᠭᠠᠨ ᠮᠡᠳᠡᠭᠡ ᠶᠢ ᠣᠯᠵᠤ᠂ ᠵᠡᠭᠦᠨ ᠬᠣᠢᠲᠤ ᠣᠷᠤᠨ ᠤ᠋ ᠬᠡᠭᠡᠷᠡᠯᠡᠨ ᠪᠠᠢᠯᠳᠤᠬᠤ ᠴᠡᠷᠢᠭ ᠦᠨ ᠶᠡᠷᠦᠩᠬᠡᠢ ᠬᠡᠯᠲᠡᠰ ᠲᠦ ᠲᠤᠢᠯ ᠤᠨ ᠴᠢᠬᠤᠯᠠ ᠨᠢᠭᠤᠴᠠ ᠮᠡᠳᠡᠭᠡ ᠶᠢ ᠬᠦᠷᠭᠡᠭᠰᠡᠨ ᠶᠤᠮ᠃ ᠲᠡᠭᠦᠨ ᠦ ᠡᠨᠡ ᠬᠦ ᠳᠣᠪᠤᠢᠮ᠎ᠠ ᠲᠤᠯᠤᠯᠳᠤᠭᠠᠨ ᠤ ᠠᠮᠵᠢᠯᠲᠠ ᠶᠢ ᠰᠠᠢᠰᠢᠶᠠᠬᠤ ᠪᠠᠷ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠶᠢᠨ ᠬᠢᠨ ᠰᠠᠢᠰᠢᠶᠠᠯ ᠤᠨ ᠵᠠᠷᠯᠢᠭ ᠪᠠᠭᠤᠯᠭᠠᠵᠤ᠂ ᠲᠡᠭᠦᠨ ᠳᠦ ᠬᠣᠶᠠᠷ ᠶᠡᠬᠡ ᠪᠠᠢᠯᠳᠤᠭᠠᠨ ᠤ ᠭᠠᠪᠢᠶ᠎ᠠ ᠲᠡᠮᠳᠡᠭᠯᠡᠨ ᠥᠭᠭᠦᠭᠰᠡᠨ ᠶᠤᠮ᠃ 1948 ᠣᠨ ᠤ 9 ᠰᠠᠷ᠎ᠠ ᠶᠢᠨ 8 ᠤ ᠡᠳᠦᠷ ᠭᠢᠷᠢᠨ ᠮᠤᠵᠢ ᠶᠢᠨ ᠨᠦᠩ ᠠᠨ ᠰᠢᠶᠠᠨ ᠤ ᠵᠣᠣ ᠵᠢᠶᠠ ᠲᠦᠨ ᠦ᠌ ᠲᠤᠯᠤᠯᠳᠤᠭᠠᠨ ᠳᠤᠮᠳᠠ᠂ ᠲᠡᠷᠡ ᠲᠤᠯᠤᠯᠳᠤᠭᠠᠨ ᠤ ᠡᠮᠦᠨ᠎ᠡ ᠲᠡᠷᠢᠭᠦᠯᠡᠨ ᠪᠦᠬᠦ ᠰᠠᠯᠠᠭ᠎ᠠ ᠪᠠᠨ ᠳᠠᠢᠴᠢᠯᠠᠨ ᠬᠦᠷᠢᠶ᠎ᠡ ᠪᠣᠯᠤᠨ ᠪᠠᠢᠰᠢᠩ ᠪᠦᠷᠢ ᠪᠡᠷ ᠭᠦᠶᠦᠵᠦ ᠵᠠᠯᠭᠠᠭ᠎ᠠ ᠵᠠᠯᠭᠠᠭ᠎ᠠ ᠪᠠᠷ ᠳᠡᠯᠪᠡᠴᠢᠯᠲᠡ ᠬᠢᠵᠦ᠂ ᠭᠣᠣᠯ ᠲᠠᠭᠠᠷᠢᠯᠲᠠ ᠶᠢᠨ ᠴᠡᠷᠢᠭ ᠠᠩᠭᠢ ᠳᠤ ᠳᠣᠪᠲᠤᠯᠤᠯᠲᠠ ᠶ᠋ᠢᠨ ᠵᠠᠮ ᠢ ᠨᠡᠭᠡᠭᠡᠨ ᠥᠭᠭᠦᠭᠰᠡᠨ ᠶᠤᠮ᠃ ᠵᠡᠭᠡᠯᠢ ᠭᠤᠳᠤᠮᠵᠢ ᠶᠢᠨ ᠰᠢᠷᠦᠭᠦᠨ ᠲᠤᠯᠤᠯᠳᠤᠭᠠᠨ ᠳᠤᠮᠳᠠ ᠲᠡᠷᠡ ᠳᠠᠢᠰᠤᠨ ᠤ ᠵᠢᠭᠰᠠᠭᠠᠯ ᠳᠤ ᠰᠢᠪᠲᠤᠯᠤᠨ ᠣᠷᠤᠵᠤ᠂ ᠪᠠᠭᠠᠲᠤᠷᠯᠢᠭ ᠢᠶᠠᠷ ᠪᠠᠢᠯᠳᠤᠨ ᠳᠠᠢᠰᠤᠨ ᠢ ᠠᠯᠠᠵᠤ ᠶᠠᠪᠤᠬᠤ ᠳᠠᠭᠠᠨ ᠵᠠᠪᠰᠢᠶᠠᠨ ᠪᠤᠰᠤ ᠪᠠᠷ ᠠᠮᠢ ᠦᠷᠡᠭᠳᠡᠪᠡ᠃ ᠲᠤᠬᠠᠶ ᠤ᠋ᠨ ᠵᠢᠯ ᠳᠦ ᠰᠠᠶᠢ 24 ᠨᠠᠰᠤᠲᠠᠢ ᠶᠤᠮ᠃ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠶᠢᠨ ᠬᠣᠶᠠᠳᠤᠭᠠᠷ ᠬᠤᠭᠤᠴᠠᠭᠠᠨ ᠤ ᠭᠠᠪᠢᠶ᠎ᠠ ᠲᠡᠮᠳᠡᠭᠯᠡᠬᠦ ᠶᠡᠬᠡ ᠬᠤᠷᠠᠯ ᠳᠡᠭᠡᠷ᠎ᠡ ᠵᠠᠮᠪᠠ ᠳᠤ ᠭᠤᠷᠪᠠᠨ ᠶᠡᠬᠡ ᠪᠠᠢᠯᠳᠤᠭᠠᠨ ᠤ ᠭᠠᠪᠢᠶ᠎ᠠ ᠲᠡᠮᠳᠡᠭᠯᠡᠨ ᠥᠭᠭᠦᠭᠰᠡᠨ ᠶᠤᠮ᠃