ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠦᠯᠡᠬᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠦᠯᠡᠬᠦ ︵ 1217——1265︶ ᠴᠢᠩᠭᠢᠰ ᠬᠠᠭᠠᠨ ᠤ ᠣᠮᠪᠤᠯᠤ᠂ ᠲᠣᠯᠤᠢ ᠶ᠋ᠢᠨ ᠳᠥᠳᠦᠭᠡᠷ ᠬᠥᠪᠡᠭᠦᠨ᠂ ᠮᠣᠩᠭᠤᠯ ᠤ᠋ᠨ ᠥᠷᠦᠨᠡᠳᠠᠬᠢᠨ ᠢ᠋ ᠳᠠᠢᠯᠠᠭᠰᠠᠨ ᠲᠦᠩᠱᠤᠸᠠᠢ᠂ 13 ᠳ᠋ᠤᠭᠠᠷ ᠵᠠᠭᠤᠨ ᠤ ᠳᠤᠮᠳᠠ ᠦᠶ᠎ᠡ ᠡᠴᠡ 14  ᠳᠦᠭᠡᠷ ᠵᠠᠭᠤᠨ ᠤ ᠳᠤᠮᠳᠠ ᠦᠶ᠎ᠡ ᠪᠣᠯᠲᠠᠯ᠎ᠠ ᠫᠧᠷᠰ ᠢ ᠨᠣᠶᠠᠷᠬᠠᠭᠰᠠᠨ ᠢᠯ ᠬᠠᠭᠠᠨᠲᠤ ᠤᠯᠤᠰ ᠢ ᠦᠨᠳᠦᠰᠦᠯᠡᠨ ᠪᠠᠢᠭᠤᠯᠤᠭᠴᠢ ᠮᠥᠨ᠃ ᠶᠤᠸᠠᠨ ᠲᠠᠢᠽᠦ ᠶ᠋ᠢᠨ ᠠᠷᠪᠠᠨ ᠳᠥᠷᠪᠡᠳᠦᠭᠡᠷ ᠣᠨ︵1219︶ ᠳᠤ ᠴᠢᠩᠭᠢᠰ ᠬᠠᠭᠠᠨ ᠥᠷᠦᠨ᠎ᠡ ᠵᠦᠭ ᠲᠦ ᠬᠤᠷᠸᠽᠮ ᠢ ᠳᠠᠢᠯᠠᠬᠤ ᠳᠠᠭᠠᠨ ᠫᠧᠷᠰ ᠦᠨ ᠵᠡᠭᠦᠨ ᠬᠡᠰᠡᠭ ᠦᠨ ᠣᠯᠠᠨ ᠬᠣᠲᠠ ᠶᠢ ᠡᠵᠡᠯᠡᠭᠰᠡᠨ ᠶᠤᠮ᠃ ᠲᠠᠢᠽᠦ᠋ᠩ ᠦ᠋ᠨ ᠭᠤᠷᠪᠠᠳᠤᠭᠠᠷ ᠣᠨ ︵ 1231︶ ᠳᠤ ᠦᠭᠡᠲᠡᠶ ᠬᠠᠭᠠᠨ ᠴᠤᠷᠮᠠᠬᠠᠨ ᠢᠶᠠᠷ ᠥᠷᠦᠨ᠎ᠡ ᠵᠦᠭ ᠢ ᠳᠠᠢᠯᠠᠭᠤᠯᠤᠨ ᠵᠠᠯᠠᠯᠳᠢᠨ ᠲᠦᠷᠦᠭᠦᠲᠡᠶ ᠰᠡᠷᠭᠦᠭᠡᠯᠲᠡ ᠶᠢᠨ ᠬᠦᠴᠦᠨ ᠢ ᠰᠥᠨᠦᠭᠡᠵᠦ ᠫᠧᠷᠰ ᠦᠨ ᠶᠡᠬᠡᠩᠬᠢ ᠬᠡᠰᠡᠭ ᠭᠠᠵᠠᠷ ᠣᠷᠤᠨ ᠢ᠋ ᠡᠷᠬᠡᠰᠢᠶᠡᠯ ᠳᠡᠭᠡᠨ ᠣᠷᠤᠭᠤᠯᠤᠭᠰᠠᠨ ᠳ᠋ᠤ᠌ ᠭᠷᠦ᠋ᠽᠢᠶᠠ᠂ ᠠᠷᠮᠧᠨᠢᠶ᠎ᠠ᠂ ᠷᠣᠮᠠ ᠵᠡᠷᠭᠡ ᠤᠯᠤᠰ ᠤᠳ ᠵᠠᠯᠭᠠᠭ᠎ᠠ ᠵᠠᠯᠭᠠᠭ᠎ᠠ ᠪᠠᠷ ᠮᠣᠩᠭᠤᠯ ᠬᠠᠭᠠᠨᠲᠤ ᠤᠯᠤᠰ ᠢ ᠡᠶᠡᠯᠳᠡᠨ ᠳᠠᠭᠠᠵᠠᠢ᠃ ᠲᠡᠭᠡᠭᠡᠳ ᠲᠠᠢᠽᠦ᠋ᠩ ᠦ᠋ᠨ ᠳᠣᠯᠤᠳᠤᠭᠠᠷ ᠣᠨ ︵ 1235︶ ᠳᠤ ᠠᠮᠤᠳᠠᠷᠢᠶ᠎ᠠ ᠮᠥᠷᠡᠨ ᠡᠴᠡ ᠪᠷᠠᠭᠤᠨᠰᠢᠬᠢ ᠫᠧᠷᠰ ᠦᠨ ᠡᠯ᠎ᠡ ᠭᠠᠵᠠᠷ ᠢ ᠵᠠᠬᠢᠷᠤᠨ ᠬᠠᠮᠢᠶᠠᠷᠬᠤ ᠵᠠᠰᠠᠭ ᠵᠠᠬᠢᠷᠭᠠᠨ ᠤ ᠪᠠᠢᠭᠤᠯᠤᠮᠵᠢ ᠶᠢ ᠪᠠᠢᠭᠤᠯᠤᠭᠰᠠᠨ ᠶᠤᠮ᠃ ᠮᠥᠩᠬᠡ ᠬᠠᠭᠠᠨ ᠰᠠᠭᠤᠷᠢᠨ᠎ᠠ ᠵᠠᠯᠭᠠᠮᠵᠢᠯᠠᠭᠰᠠᠨ ᠦᠶ᠎ᠡ ᠳᠦ ᠫᠧᠷᠰ ᠦᠨ ᠬᠢᠯᠢ ᠳ᠋ᠡᠬᠢ ᠮᠦᠷᠡᠶᠢ᠋᠂ ᠪᠠᠭᠲᠠᠳ᠋ ᠬᠣᠶᠠᠷ ᠤᠯᠤᠰ ᠬᠠᠷᠠᠬᠠᠨ ᠡᠷᠬᠡᠰᠢᠶᠡᠯ ᠳᠦᠨᠢ ᠣᠷᠤᠭ᠎ᠠ ᠦᠭᠡᠢ ᠪᠠᠢᠵᠠᠢ᠃ ᠰᠢᠶᠠᠨᠽᠦ᠋ᠩ ᠦᠨ ᠬᠣᠶᠠᠳᠤᠭᠠᠷ ᠣᠨ ︵1252︶ ᠳᠤ ᠮᠥᠩᠬᠡ ᠬᠠᠭᠠᠨ ᠥᠪᠡᠷ ᠦ᠋ᠨ ᠲᠥᠷᠦᠭᠰᠡᠨ ᠳᠡᠭᠦᠦ ᠦᠯᠡᠬᠦ ᠪᠡᠷ ᠣᠯᠠᠨ ᠵᠠᠮ ᠤᠨ ᠴᠡᠷᠢᠭ ᠢ ᠳᠠᠢᠴᠢᠯᠠᠭᠤᠯᠤᠨ ᠥᠷᠦᠨ᠎ᠡ ᠵᠦᠭ ᠲᠦ ᠫᠧᠷᠰ ᠢ ᠳᠠᠢᠯᠠᠭᠤᠯᠤᠨ ᠬᠦᠯᠦᠭ ᠦᠨ ᠵᠢᠯᠤᠭᠤ ᠳ᠋ᠤᠨᠢ ᠣᠷᠤᠭ᠎ᠠ ᠦᠭᠡᠢ ᠤᠯᠤᠰ ᠤᠳ ᠢ ᠳᠣᠪᠲᠤᠯᠤᠭᠤᠯᠤᠭᠰᠠᠨ ᠲᠤᠯᠠ ᠲᠡᠭᠦᠨ ᠢ ᠲᠡᠦᠬᠡᠨ ᠳᠦ ᠭᠤᠷᠪᠠᠳᠠᠬᠢ ᠤᠳᠠᠭᠠᠨ ᠤ ᠥᠷᠦᠨᠡᠳᠠᠬᠢᠨ ᠤ ᠳᠠᠢᠯᠠᠯᠲᠠ ᠭᠡᠳᠡᠭ ᠶᠤᠮ᠃ ᠥᠷᠦᠨᠡᠳᠠᠬᠢᠨ ᠢ᠋ ᠳᠠᠢᠯᠠᠬᠤ ᠴᠡᠷᠢᠭ ᠢ ᠵᠣᠬᠢᠶᠠᠨ ᠪᠠᠢᠭᠤᠯᠬᠤ ᠪᠠᠷ ᠮᠥᠩᠬᠡ ᠬᠠᠭᠠᠨ ᠣᠯᠠᠨ ᠤᠳᠤᠮ ᠤᠨ ᠸᠠᠩ ᠨᠠᠷ ᠤᠨ ᠬᠠᠷᠢᠶᠠᠲᠤ ᠴᠡᠷᠢᠭ ᠡᠴᠡ ᠠᠷᠪᠠᠨ ᠤ ᠬᠣᠶᠠᠷ ᠢ ᠨᠢ ᠲᠠᠲᠠᠨ ᠠᠪᠴᠤ ᠣᠢᠷ᠎ᠠ ᠲᠥᠷᠦᠯ ᠦ᠋ᠨ ᠨᠣᠶᠠᠳ ᠢᠶᠠᠷ ᠵᠠᠬᠢᠷᠤᠭᠤᠯᠤᠨ ᠠᠶᠠᠨ ᠲᠡᠢᠨ ᠳᠦ ᠮᠣᠷᠳᠠᠭᠤᠯᠪᠠ᠃ ᠬᠢᠲᠠᠳ ᠣᠷᠤᠨ ᠠ᠋ᠴᠠ ᠮᠢᠩᠭᠠᠨ ᠮᠡᠷᠭᠡᠵᠢᠯᠲᠡᠨ ᠲᠠᠲᠠᠨ ᠠᠪᠴᠢᠨᠵᠤ᠂ ᠤᠤᠯ ᠤᠨ ᠫᠧᠷᠰ᠂ ᠺᠠᠰᠢᠮᠢᠷ ᠪᠣᠯᠤᠨ ᠡᠨᠡᠳᠬᠡᠭ ᠲᠦ ᠳᠠᠷᠤᠩᠭᠤᠢᠯᠠᠨ ᠰᠠᠭᠤᠭ᠎ᠠ ᠴᠡᠷᠢᠭ ᠢ ᠴᠥᠮ ᠦᠯᠡᠬᠦ ᠳᠦ ᠥᠭᠴᠦ ᠵᠠᠬᠢᠷᠤᠭᠤᠯᠤᠭᠰᠠᠨ ᠶᠤᠮ᠃ ᠰᠢᠶᠠᠨᠽᠦ᠋ᠩ ᠦᠨ ᠬᠣᠶᠠᠳᠤᠭᠠᠷ ᠣᠨ ︵ 1252︶ ᠤ ᠨᠠᠢ᠍ᠮᠠᠳᠤᠭᠠᠷ ᠰᠠᠷ᠎ᠠ ᠳᠤ᠂ ᠨᠠᠢ᠍ᠮᠠᠨ ᠠᠢᠮᠠᠭ ᠤᠨ ᠵᠢᠳᠠᠢᠪᠤᠬ᠎ᠠ ᠪᠠᠷ 1. 2 ᠲᠦᠮᠡᠨ ᠴᠡᠷᠢᠭ ᠢ ᠳᠠᠢᠴᠢᠯᠠᠭᠤᠯᠤᠨ ᠮᠠᠩᠰᠠᠶ ᠳᠤ ᠶᠠᠪᠤᠭᠤᠯᠪᠠ᠃ ᠦᠯᠡᠬᠦ ᠬᠠᠨ ᠰᠢᠶᠠᠨᠽᠦ᠋ᠩ ᠦᠨ ᠵᠢᠷᠭᠤᠳᠤᠭᠠᠷ ᠣᠨ ︵ 1256︶ ᠤ ᠨᠢᠭᠡᠳᠦᠭᠡᠷ ᠰᠠᠷ᠎ᠠ ᠳᠤ ᠠᠮᠤᠳᠠᠷᠢᠶ᠎ᠠ ᠮᠥᠷᠡᠨ ᠢ ᠭᠠᠲᠤᠯᠵᠤ ᠽᠠᠨᠸᠧᠢ ᠪᠣᠯᠤᠨ ᠬᠠᠫᠦ᠋ ᠶᠢᠨ ᠬᠢᠯᠢ ᠳᠦ ᠲᠦᠷᠢᠨ ᠣᠷᠤᠵᠤ᠂ ᠬᠥᠬᠡ ᠢᠷᠭᠡᠨ ᠪᠣᠯᠤᠨ ᠵᠢᠳᠠᠢᠪᠤᠬ᠎ᠠ ᠪᠠᠷ ᠴᠡᠷᠢᠭ ᠳᠠᠢᠴᠢᠯᠠᠭᠤᠯᠤᠨ ᠬᠣᠵᠢᠰᠲ᠋ᠠᠨ ᠤ ᠬᠠᠷᠬᠠᠭ ᠡᠵᠡᠯᠡᠭᠳᠡᠭᠡ ᠦᠭᠡᠢ ᠭᠠᠵᠠᠷ ᠣᠷᠤᠨ ᠤ᠋ ᠣᠯᠠᠨ ᠬᠣᠲᠠ ᠬᠣᠷᠤᠭ᠎ᠠ ᠶ᠋ᠢ ᠴᠣᠬᠢᠭᠤᠯᠵᠤ ᠨᠢᠭᠡ ᠯᠡ ᠭᠠᠷᠠᠭ ᠤᠨ ᠳᠣᠲᠤᠷ᠎ᠠ ᠪᠤᠯᠲᠤ ᠪᠠᠷ ᠨᠢ ᠡᠵᠡᠯᠡᠭᠰᠡᠨ ᠶᠤᠮ᠃ ᠨᠠᠢ᠍ᠮᠠᠳᠤᠭᠠᠷ ᠰᠠᠷ᠎ᠠ ᠳᠤ ᠦᠯᠡᠬᠦ ᠬᠠᠪᠤᠱᠠᠨ ᠪᠠᠯᠭᠠᠰᠤᠨ᠎ᠠ ᠬᠦᠷᠴᠦ᠂ ᠡᠯᠴᠢ ᠲᠣᠮᠢᠯᠠᠨ ᠮᠦᠷᠡᠶᠢ᠋ ᠶᠢᠨ ᠡᠵᠡᠨ ᠷᠥᠺᠦ᠋ᠨ᠋ᠳᠢᠨ ᠢ ᠢᠯᠪᠢᠨ ᠳᠠᠭᠠᠭᠤᠯᠬᠤ ᠭᠡᠵᠡᠢ᠃ ᠮᠦᠷᠡᠶᠢ᠋ ᠶᠢᠨ ᠡᠵᠡᠨ ᠨᠢ ᠨᠢᠭᠡᠨᠲᠡᠭᠡᠭᠦᠷ ᠬᠥᠮᠦᠨ ᠲᠣᠮᠢᠯᠠᠨ ᠪᠡᠯᠡᠭ ᠪᠠᠢᠴᠠ ᠡᠷᠭᠦᠵᠦ ᠪᠠᠭᠤᠵᠤ ᠥᠭᠬᠦ ᠭᠡᠵᠦ ᠨᠡᠢᠲᠡᠯᠡᠭᠡᠳ ᠨᠥᠭᠦᠭᠡᠳᠡᠭᠡᠭᠦᠷ ᠬᠠᠷᠢᠨ ᠰᠡᠷᠭᠡᠢᠯᠡᠯᠲᠡ ᠪᠡᠨ ᠴᠢᠩᠭᠠᠳᠭᠠᠪᠠ᠃ ᠡᠭᠦᠨ ᠳᠦ ᠦᠯᠡᠬᠦ ᠵᠡᠪᠰᠡᠭᠲᠦ ᠬᠦᠴᠦᠨ ᠢᠶᠡᠷ ᠰᠢᠢᠳᠪᠦᠷᠢᠯᠡᠬᠦ ᠪᠡᠷ ᠰᠢᠢᠳᠴᠦ ᠣᠯᠠᠨ ᠵᠠᠮ ᠤᠨ ᠴᠡᠷᠢᠭ ᠢᠶᠡᠷ ᠬᠠᠮᠲᠤ ᠪᠠᠷ ᠴᠣᠬᠢᠭᠤᠯᠵᠤ᠂ ᠵᠠᠮ ᠤᠨ ᠭᠤᠳᠤᠰ ᠱᠠᠾᠢᠷᠢᠽ ᠴᠠᠢᠵᠠ ᠶᠢ ᠳᠠᠭᠠᠷᠢᠨ ᠡᠵᠡᠯᠡᠵᠡᠢ᠃ ᠠᠷᠪᠠᠨ ᠨᠢᠭᠡᠳᠦᠭᠡᠷ ᠰᠠᠷ᠎ᠠ ᠶᠢᠨ ᠨᠠᠢ᠍ᠮᠠᠨ ᠤ ᠡᠳᠦᠷ᠂ ᠮᠠᠢᠮᠤᠨᠳᠢᠰ ᠴᠠᠢᠵᠠ ᠳᠤ ᠬᠦᠷᠦᠭᠡᠳ ᠭᠤᠷᠪᠠᠳᠤᠭᠠᠷ ᠡᠳᠦᠷ ᠡᠴᠡ ᠣᠯᠠᠨ ᠵᠠᠮ ᠤᠨ ᠴᠡᠷᠢᠭ ᠴᠠᠢᠵᠠ ᠶᠢ ᠳᠠᠪᠬᠤᠷ ᠳᠠᠪᠬᠤᠷ ᠪᠦᠰᠡᠯᠡᠪᠡ᠃ ᠢᠯᠪᠢᠨ ᠳᠠᠭᠠᠭᠤᠯᠬᠤ ᠭᠡᠳ ᠬᠡᠴᠢᠨᠡᠭᠡᠨ ᠢᠳᠭᠠᠭᠰᠠᠨ ᠪᠣᠯᠪᠠᠴᠤ ᠲᠤᠰᠠ ᠭᠠᠷᠤᠭᠰᠠᠨ ᠦᠭᠡᠢ ᠲᠤᠯᠠ ᠳᠥᠷᠪᠡ ᠲᠠᠪᠤᠨ ᠡᠳᠦᠷ ᠳᠣᠭᠰᠢᠨ ᠰᠢᠷᠦᠭᠦᠨ ᠲᠤᠯᠤᠯᠳᠤᠭᠰᠠᠨ ᠳᠤ ᠷᠥᠺᠦ᠋ᠨ᠋ᠳᠢᠨ ᠪᠠᠭᠤᠨ ᠥᠭᠴᠡᠢ᠃ ᠬᠣᠷᠢᠨ ᠤ ᠡᠳᠦᠷ ᠮᠣᠩᠭᠤᠯ ᠴᠡᠷᠢᠭ ᠴᠠᠢᠵᠠ ᠳᠤᠷ ᠣᠷᠤᠭᠰᠠᠨ ᠳ᠋ᠤ᠌᠂ ᠷᠥᠺᠦ᠋ᠨ᠋ᠳᠢᠨ ᠬᠥᠮᠦᠨ ᠲᠣᠮᠢᠯᠠᠨ ᠮᠣᠩᠭᠤᠯ ᠴᠡᠷᠢᠭ ᠦᠨ ᠡᠯᠴᠢ ᠲᠡᠢ ᠬᠠᠮᠲᠤ ᠪᠠᠷ ᠤᠬᠠᠭᠤᠯᠭ᠎ᠠ ᠬᠢᠵᠦ ᠪᠠᠢᠭᠠᠳ 10 ᠭᠠᠷᠤᠢ ᠬᠣᠷᠤᠭ᠎ᠠ ᠪᠡᠬᠢᠯᠡᠯᠲᠡ ᠶᠢ ᠣᠷᠤᠭᠤᠯᠤᠨ ᠠᠪᠴᠤ᠂ ᠴᠠᠢᠵᠠ ᠶᠢ ᠨᠢ ᠴᠥᠮ ᠡᠪᠳᠡᠨ ᠬᠠᠶᠠᠪᠠ᠃ ᠠᠷᠪᠠᠨ ᠬᠣᠶᠠᠳᠤᠭᠠᠷ ᠰᠠᠷ᠎ᠠ ᠶᠢᠨ ᠠᠷᠪᠠᠨ ᠲᠠᠪᠤᠨ ᠤ ᠡᠳᠦᠷ ᠠᠨᠮᠣᠨᠲ ᠤᠨ ᠠᠬᠢᠭᠤᠯ ᠵᠠᠩᠵᠤᠨ ᠨᠢ ᠪᠠᠰᠠ ᠪᠠᠭᠤᠨ ᠥᠭᠴᠡᠢ᠃ ᠳᠡᠮᠡᠢ ᠤᠳᠠᠭ᠎ᠠ ᠦᠭᠡᠢ ᠬᠣᠵᠢᠰᠲ᠋ᠠᠨ ᠮᠥᠨ ᠪᠠᠭᠤᠵᠤ ᠥᠭᠪᠡ᠃ ᠰᠢᠶᠠᠨᠽᠦ᠋ᠩ ᠦᠨ ᠳᠣᠯᠤᠳᠤᠭᠠᠷ ᠣᠨ ︵ 1257︶ ᠤ ᠨᠢᠭᠡᠳᠦᠭᠡᠷ ᠰᠠᠷ᠎ᠠ ᠳᠤ ᠦᠯᠡᠬᠦ ᠴᠡᠷᠢᠭ ᠢ᠋ᠶ᠋ᠡᠨ ᠲᠠᠲᠠᠵᠤ ᠭᠠᠽᠠᠨᠢ ᠳᠤ ᠬᠦᠷᠴᠦ ᠴᠡᠷᠢᠭ ᠢᠶᠡᠨ ᠴᠡᠭᠴᠡᠯᠡᠨ ᠠᠮᠠᠷᠠᠭᠤᠯᠵᠤ᠂ ᠴᠥᠭᠡᠨ ᠲᠣᠭᠠᠨ ᠤ ᠴᠡᠷᠢᠭ ᠦᠯᠡᠳᠡᠭᠡᠵᠦ᠂ ᠦᠯᠡᠳᠡᠭᠳᠡᠯ ᠳᠠᠢᠰᠤᠨ ᠢ ᠤᠰᠠᠳᠭᠠᠭᠰᠠᠨ ᠢ᠋ᠶ᠋ᠠᠷ ᠮᠦᠷᠡᠶᠢ᠋ ᠤᠯᠤᠰ ᠮᠥᠬᠦᠨ ᠰᠥᠨᠦᠵᠡᠢ᠃ ᡁᠢ ᠶᠤᠸᠠᠨ ᠤ ᠬᠣᠶᠠᠳᠤᠭᠠᠷ ᠣᠨ ᠤ ᠬᠣᠶᠠᠳᠤᠭᠠᠷ ᠰᠠᠷ᠎ᠠ ᠶᠢᠨ ᠨᠠᠢ᠍ᠮᠠᠨ ᠤ ᠡᠳᠦᠷ ᠦᠯᠡᠬᠦ ᠨᠠᠰᠤ ᠨᠥᠭᠴᠢᠪᠡ᠃ ᠲᠤᠬᠠᠢ ᠶᠢᠨ ᠵᠢᠯ ᠳᠦ ᠰᠠᠶᠢ48 ᠨᠠᠰᠤᠲᠠᠢ᠂ ᠪᠡᠶ᠎ᠡ ᠡᠴᠡ ᠨᠢ4 ᠬᠥᠪᠡᠭᠦᠨ7 ᠬᠡᠦᠬᠡᠨ ᠲᠡᠢ ᠪᠠᠢᠭᠰᠠᠨ ᠶᠤᠮ᠃