ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠮᠰᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠮᠰᠤ ︵ 1967—— ︶ ᠪᠦᠬᠦ ᠤᠯᠤᠰ ᠤᠨ ᠦᠨᠳᠦᠰᠦᠲᠡᠨ ᠦ ᠪᠦᠯᠬᠦᠮᠳᠡᠯ ᠦᠨ ᠲᠡᠷᠢᠭᠦᠨ ᠦ᠌ ᠬᠤᠪᠢ ᠬᠥᠮᠦᠨ᠃ ᠥᠪᠦᠷ ᠮᠣᠩᠭᠤᠯ ᠤ᠋ᠨ ᠠᠷᠤ ᠬᠣᠷᠴᠢᠨ ᠬᠣᠰᠢᠭᠤᠨ ᠳᠤ ᠨᠤᠲᠤᠭ ᠲᠠᠢ᠂ ᠮᠣᠩᠭᠤᠯ ᠦᠨᠳᠦᠰᠦᠲᠡᠨ᠃ 1989 ᠣᠨ ᠳᠤ ᠴᠡᠷᠢᠭ ᠲᠦ ᠣᠷᠤᠪᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠮᠥᠨ᠂ ᠪᠠᠢᠯᠳᠤᠭᠴᠢ᠂ ᠬᠢᠯᠢ ᠶᠢᠨ ᠬᠠᠮᠠᠭᠠᠯᠠᠯᠲᠠ ᠶᠢᠨ ᠲᠣᠮᠢᠯᠠᠭᠰᠠᠨ ᠰᠠᠯᠪᠤᠷᠢ ᠶᠢᠨ ᠠᠵᠢᠯᠲᠠᠨ᠂ ᠳᠡᠳ᠋ ᠰᠠᠯᠪᠤᠷᠢ ᠶᠢᠨ ᠳᠠᠷᠤᠭ᠎ᠠ᠂ ᠰᠠᠯᠪᠤᠷᠢ ᠶᠢᠨ ᠳᠠᠷᠤᠭ᠎ᠠ ᠮᠡᠲᠦ ᠶᠢᠨ ᠲᠤᠰᠢᠶᠠᠯ ᠢ ᠬᠠᠷᠢᠭᠤᠴᠠᠵᠠᠢ᠃ l997 ᠣᠨ ᠤ 4 ᠰᠠᠷ᠎ᠠ ᠳᠤ ᠬᠢᠩᠭᠠᠨ ᠠᠢᠮᠠᠭ ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ ᠤ ᠥᠪᠦᠷᠵᠢᠯᠠᠭ᠎ᠠ ᠳᠠᠬᠢ ᠬᠢᠯᠢ ᠶᠢᠨ ᠰᠡᠷᠭᠡᠢᠯᠡᠯᠲᠡ ᠶᠢᠨ ᠲᠣᠮᠢᠯᠠᠭᠰᠠᠨ ᠰᠠᠯᠪᠤᠷᠢ ᠶᠢᠨ ᠳᠠᠷᠤᠭ᠎ᠠ ᠪᠣᠯᠤᠭᠰᠠᠨ ᠠ᠋ᠴᠠ ᠪᠠᠨ ᠨᠠᠭᠠᠰᠢ᠂ ᠬᠠᠷᠢᠶ᠎ᠠ ᠨᠤᠲᠤᠭ ᠤᠨ ᠠᠮᠤᠷ ᠠᠮᠤᠭᠤᠯᠠᠩ ᠢ ᠲᠣᠭᠲᠠᠭᠤᠨ ᠪᠣᠯᠭᠠᠬᠤ ᠳᠤ ᠳᠣᠪᠤᠢᠮ᠎ᠠ ᠬᠤᠪᠢ ᠨᠡᠮᠡᠷᠢ ᠨᠡᠮᠡᠷᠢᠯᠡᠭᠰᠡᠨ ᠶᠤᠮ᠃ ᠲᠡᠷᠡ᠂ ᠬᠠᠷᠢᠶ᠎ᠠ ᠨᠤᠲᠤᠭ ᠤᠨ ᠡᠯ᠎ᠡ ᠭᠠᠴᠠᠭ᠎ᠠ ᠲᠣᠰᠭᠤᠨ ᠨᠢ ᠰᠤᠮᠤ ᠠᠴᠠ ᠬᠣᠯᠠ ᠮᠠᠯᠴᠢᠳ ᠤᠨ ᠤᠴᠢᠷ ᠶᠠᠪᠤᠳᠠᠯ ᠪᠦᠲᠦᠭᠡᠬᠦ ᠳᠦ ᠬᠦᠴᠢᠷᠲᠡᠢ ᠪᠠᠢᠭ᠎ᠠ ᠪᠠᠢᠳᠠᠯ ᠳᠤ ᠴᠢᠭᠯᠡᠭᠦᠯᠦᠨ᠂ ᠭᠠᠴᠠᠭ᠎ᠠ ᠪᠣᠯᠭᠠᠨ ᠳᠤ ᠲᠦᠷ ᠴᠠᠭ ᠰᠠᠭᠤᠬᠤ ᠡᠷᠦᠬᠡ ᠠᠮᠠ ᠶᠢᠨ ᠬᠠᠮᠢᠶᠠᠷᠤᠯᠲᠠ ᠶᠢᠨ ᠥᠷᠲᠡᠭᠡ ᠪᠠᠢᠭᠤᠯᠵᠤ᠂ ᠤᠷᠢᠳᠴᠢᠯᠠᠨ ᠵᠢᠯᠤᠭᠤᠳᠤᠨ ᠤᠷᠢᠳᠴᠢᠯᠠᠨ ᠦᠢᠯᠡᠴᠢᠯᠡᠭᠡ ᠬᠢᠪᠡ᠃ 1997 ᠣᠨ ᠳᠤ ᠪᠠᠢᠭᠠᠯᠢ ᠶᠢᠨ ᠭᠠᠮᠰᠢᠭ ᠡᠵᠡ ᠪᠣᠯᠵᠤ᠂ ᠥᠪᠦᠷᠵᠢᠯᠠᠭ᠎ᠠ ᠰᠤᠮᠤ ᠶᠢᠨ ᠨᠤᠲᠤᠭ ᠪᠡᠯᠴᠢᠭᠡᠷ ᠭᠠᠮᠰᠢᠭ ᠲᠤ ᠲᠣᠬᠢᠶᠠᠯᠳᠤᠨ ᠮᠠᠯ ᠰᠦᠷᠦᠭ ᠢ ᠪᠠᠲᠤᠯᠠᠬᠤ ᠳᠤ ᠬᠦᠴᠢᠷᠲᠡᠢ᠂ ᠮᠠᠯᠵᠢᠨ ᠲᠦᠮᠡᠨ ᠦ ᠦᠢᠯᠡᠳᠪᠦᠷᠢᠯᠡᠯ ᠠᠮᠢᠳᠤᠷᠠᠯ ᠬᠦᠨᠳᠦ ᠨᠣᠴᠢᠲᠠᠢ ᠰᠦᠷᠳᠡᠭᠦᠯᠦᠯ ᠳᠦ ᠤᠴᠠᠷᠠᠭᠰᠠᠨ ᠳᠤ ᠵᠠᠮᠰᠤ ᠶᠡᠬᠡᠳᠡ ᠰᠠᠨᠳᠤᠷᠴᠤ᠂ ᠲᠤᠢᠯ ᠢᠶᠠᠷ ᠪᠠᠴᠢᠮᠳᠠᠨ ᠣᠢᠷ᠎ᠠ ᠵᠡᠷᠭᠡᠯᠡᠳᠡᠭᠡ ᠪᠠᠢᠭ᠎ᠠ ᠰᠢᠯᠢ ᠶᠢᠨ ᠭᠣᠣᠯ ᠠᠢᠮᠠᠭ ᠤᠨ ᠤᠯᠠᠭᠠᠢ ᠰᠤᠮᠤ ᠳᠤ ᠣᠯᠠᠨᠲᠠ ᠣᠴᠢᠵᠤ ᠪᠡᠯᠴᠢᠭᠡᠷ ᠨᠤᠲᠤᠭ ᠵᠢᠭᠡᠯᠡᠵᠦ ᠥᠪᠦᠷᠵᠢᠯᠠᠭ᠎ᠠ ᠰᠤᠮᠤ ᠶᠢᠨ ᠮᠠᠯ ᠰᠦᠷᠦᠭ ᠢ ᠪᠠᠲᠤᠯᠠᠨ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠢ ᠬᠦᠨᠳᠦ ᠰᠦᠷᠡᠬᠡᠢ ᠬᠣᠬᠢᠷᠠᠯ ᠰᠦᠢᠳᠦᠯ ᠡᠴᠡ ᠬᠡᠯᠲᠦᠷᠢᠭᠦᠯᠦᠭᠰᠡᠨ ᠶᠤᠮ᠃ ᠲᠡᠷᠡ 1991 ᠣᠨ ᠠᠴᠠ ᠨᠠᠭᠠᠰᠢ 8 ᠵᠢᠯ ᠢ ᠨᠢᠭᠡ ᠯᠡ ᠡᠳᠦᠷ ᠮᠡᠲᠦ ᠪᠡᠷ ᠭᠣᠣᠨᠢ ᠭᠠᠭᠴᠠ ᠥᠲᠡᠭᠦᠰ ᠡᠷᠳᠡᠨᠢ ᠡᠵᠢ ᠶᠢ ᠠᠰᠠᠷᠠᠨ ᠲᠡᠵᠢᠭᠡᠵᠦ᠂ ᠠᠮᠤ ᠬᠦᠨᠡᠰᠦ ᠬᠤᠳᠠᠯᠳᠤᠨ ᠠᠪᠬᠤ᠂ ᠤᠰᠤ ᠲᠦᠯᠡᠰᠢ ᠣᠷᠤᠭᠤᠯᠵᠤ ᠥᠭᠬᠦ᠂ ᠬᠤᠪᠴᠠᠰᠤ ᠬᠤᠨᠠᠷ ᠢ ᠨᠢ ᠤᠭᠢᠶᠠᠨ ᠴᠡᠪᠡᠷᠯᠡᠵᠦ᠂ ᠡᠮ ᠲᠠᠩ ᠬᠦᠷᠭᠡᠨ ᠥᠭᠴᠦ ᠲᠤᠢᠯ ᠢᠶᠠᠷ ᠬᠠᠷᠠᠭᠠᠯᠵᠠᠪᠠ᠃ 1999 ᠣᠨ ᠳᠤ ᠡᠷᠳᠡᠨᠢ ᠡᠵᠢ ᠨᠠᠰᠤ ᠨᠥᠭᠴᠢᠭᠰᠡᠨ ᠳ᠋ᠦ᠍᠂ ᠵᠠᠮᠰᠤ ᠥᠪᠡᠷ ᠦ᠋ᠨ ᠵᠣᠭᠤᠰ ᠢ᠋ᠶ᠋ᠠᠷ ᠢ᠋ᠶ᠋ᠠᠨ ᠲᠡᠭᠦᠨ ᠢ ᠣᠷᠤᠰᠢᠭᠤᠯᠵᠠᠢ᠃ ᠬᠡᠳᠦᠨ ᠵᠢᠯ ᠦᠨ ᠲᠤᠷᠰᠢ᠂ ᠲᠡᠭᠦᠨ ᠦ ᠪᠠᠢᠭ᠎ᠠ ᠲᠣᠮᠢᠯᠠᠭᠰᠠᠨ ᠰᠠᠯᠪᠤᠷᠢ ᠨᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠵᠠᠰᠠᠭ ᠤᠨ ᠣᠷᠳᠤᠨ ᠪᠣᠯᠤᠨ ᠬᠢᠯᠢ ᠶᠢᠨ ᠰᠡᠷᠭᠡᠢᠯᠡᠯᠲᠡ ᠶᠢᠨ ᠶᠡᠷᠦᠩᠬᠡᠢ ᠠᠩᠭᠢ ᠳᠤ ᠦᠨᠳᠦᠰᠦᠲᠡᠨ ᠦ ᠪᠦᠯᠬᠦᠮᠳᠡᠯ ᠦᠨ ᠲᠡᠷᠢᠭᠦᠨ ᠦ ᠨᠢᠭᠡᠴᠡ ᠪᠡᠷ ᠱᠠᠩᠨᠠᠭᠳᠠᠪᠠ᠃ ᠲᠡᠭᠦᠨ ᠦ ᠬᠤᠪᠢ ᠪᠡᠶ᠎ᠡ ᠨᠢ ᠴᠦ 1997 ᠣᠨ᠂ 1998 ᠣᠨ᠂ 1999 ᠣᠨ ᠳᠤ ᠭᠤᠷᠪᠠᠨ ᠤᠳᠠᠭ᠎ᠠ 3 ᠳ᠋ᠤᠭᠠᠷ ᠲᠠᠰ ᠤᠨ ᠭᠠᠪᠢᠶ᠎ᠠ ᠪᠠᠢᠭᠤᠯᠵᠠᠢ᠃ l999 ᠣᠨ ᠤ l0 ᠰᠠᠷ᠎ᠠ ᠳᠤ᠂ ᠲᠥᠷᠦ ᠶᠢᠨ ᠵᠥᠪᠯᠡᠯ ᠡᠴᠡ ᠲᠡᠭᠦᠨ ᠳᠦ 《ᠪᠦᠬᠦ ᠤᠯᠤᠰ ᠤᠨ ᠦᠨᠳᠦᠰᠦᠲᠡᠨ ᠦ᠌ ᠪᠦᠯᠬᠦᠮᠳᠡᠯ ᠦᠨ ᠲᠡᠷᠢᠭᠦᠨ ᠦ ᠬᠤᠪᠢ ᠬᠥᠮᠦᠨ》 ᠢᠶᠡᠷ ᠱᠠᠩᠨᠠᠵᠤ᠂ ᠣᠨᠴᠠ ᠤᠷᠢᠭᠰᠠᠨ ᠲᠥᠯᠦᠭᠡᠯᠡᠭᠴᠢ ᠶ᠋ᠢᠨ ᠬᠤᠪᠢ ᠪᠠᠷ 1999 ᠣᠨ ᠤ ᠤᠯᠤᠰ ᠤᠨ ᠪᠠᠶᠠᠷ ᠤᠨ ᠶᠣᠰᠣᠯᠠᠯ ᠳᠤ ᠣᠷᠤᠯᠴᠠᠭᠤᠯᠤᠨ᠂ ᠨᠠᠮ ᠲᠥᠷᠦ ᠶᠢᠨ ᠤᠳᠤᠷᠢᠳᠤᠭᠴᠢ ᠨᠠᠷ ᠤᠨ ᠳᠣᠲᠤᠨᠤ ᠠᠭᠤᠯᠵᠠᠯᠲᠠ ᠶᠢ ᠬᠦᠯᠢᠶᠡᠵᠡᠢ᠃