ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲ᠊ •ᠣᠶᠤᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲ᠊ •ᠣᠶᠤᠲᠤ ︵ 1943~︶
ᠰᠡᠳᠬᠦᠯᠴᠢ ᠃ ᠳᠤᠮᠳᠠᠳᠤ ᠤᠯᠤᠰ  ᠤᠨ ᠥᠪᠥᠷ ᠮᠣᠩᠭᠣᠯ  ᠤᠨ ᠵᠡᠭᠦᠨ ᠦᠵᠦᠮᠦᠴᠢᠨ ᠬᠣᠰᠢᠭᠤ ᠨᠤᠲᠤᠭ  ᠲᠤ ᠲᠥᠷᠥᠵᠡᠶ ᠃ ︵ 1952~1962︶ ᠣᠨ   ᠳᠤ ᠮᠣᠩᠭᠣᠯ ᠤᠯᠤᠰ  ᠤᠨ ᠳᠣᠷᠣᠨᠠᠲᠤ ᠠᠶᠢᠮᠠᠭ  ᠤᠨ ᠲᠥᠪ  ᠦᠨ 10ᠵᠢᠯ  ᠦᠨ ᠳᠤᠮᠳᠠᠳᠤ ᠰᠤᠷᠭᠠᠭᠤᠯᠢ ᠳᠤ ᠰᠤᠷᠤᠯᠴᠠᠵᠤ ᠂1967ᠣᠨ  ᠳᠤ ᠮᠣᠩᠭᠣᠯ ᠤᠯᠤᠰ  ᠤᠨ ᠶᠡᠬᠡ ᠰᠤᠷᠭᠠᠭᠤᠯᠢ  ᠶᠢ ᠲᠡᠭᠦᠰᠪᠡ ᠃ ᠬᠡᠦᠬᠡᠳ ᠪᠠᠭᠠᠴᠤᠳ  ᠤᠨ ᠦᠵᠡᠯ ᠲᠠᠨᠢᠯ ᠪᠡᠶ᠎ᠡ ᠪᠢᠯᠳᠠᠷ  ᠢ ᠬᠥᠭᠵᠢᠭᠦᠯᠬᠦ ᠬᠥᠭᠵᠢᠶᠡᠨᠲᠦ ᠲᠣᠭᠯᠠᠭᠠᠮ ᠂ ᠬᠡᠦᠬᠡᠳ  ᠪᠠᠭᠠᠴᠤᠳ   ᠤᠨ  ᠲᠠᠨᠢᠨ ᠮᠡᠳᠡᠬᠦ ᠣᠶᠣᠨ ᠰᠡᠳᠬᠢᠬᠦᠶ   ᠶᠢ ᠳᠡᠯᠭᠡᠷᠡᠭᠦᠯᠦᠨ ᠮᠡᠳᠡᠯᠭᠡ  ᠶᠢᠨ  ᠬᠦᠷᠢᠶ᠎ᠡ  ᠶᠢ ᠲᠡᠯᠡᠬᠦ ᠪᠤᠤᠬᠢᠶ᠎ᠠ ᠂ ᠬᠡᠦᠬᠡᠳ  ᠪᠠᠭᠠᠴᠤᠳ  ᠤᠨ ᠠᠬᠤᠶ  ᠨᠡᠶᠢᠭᠡᠮ  ᠳᠦ ᠤᠴᠠᠷᠠᠭᠰᠠᠨ ᠭᠣᠤᠯ ᠡᠮᠵᠡᠭ ᠬᠤᠷᠴᠠ ᠠᠰᠠᠭᠤᠳᠠᠯ  ᠢ ᠬᠥᠨᠳᠡᠨ ᠰᠢᠶᠳᠪᠦᠷᠢᠯᠡᠬᠦ ᠲᠠᠶᠢᠯᠪᠤᠷᠢ ᠵᠡᠷᠭᠡ ᠭᠤᠷᠪᠠᠨ ᠠᠰᠠᠭᠤᠳᠠᠯ  ᠳᠤ ᠥᠪᠡᠷ  ᠦᠨ ᠡᠷᠬᠢᠯᠡᠭᠰᠡᠨ ᠨᠡᠪᠲᠡᠷᠡᠭᠦᠯᠭᠡ  ᠶᠢᠨ ᠴᠢᠭᠯᠡᠯ  ᠢᠶᠡᠷ ᠬᠠᠨᠳᠤᠭᠤᠯᠵᠤ ᠂ ᠬᠡᠦᠬᠡᠳ  ᠦᠨ ᠨᠠᠰᠤᠨ  ᠤ ᠪᠠ ᠰᠡᠳᠬᠢᠬᠦᠶ  ᠶᠢᠨ ᠣᠨᠴᠠᠯᠢᠭ   ᠢ ᠠᠩᠬᠠᠷᠤᠨ ᠠᠵᠢᠯᠯᠠᠳᠠᠭ  ᠠᠴᠠ ᠬᠡᠦᠬᠡᠳ ᠪᠠᠭᠠᠴᠤᠳ   ᠢ ᠬᠥᠮᠦᠵᠢᠭᠦᠯᠦᠭᠴᠢ ᠰᠡᠳᠬᠦᠯᠴᠢ ᠭᠡᠵᠦ ᠠᠯᠳᠠᠷᠰᠢᠵᠠᠶ ᠃ ᠲᠡᠭᠦᠨ  ᠦ ᠬᠥᠳᠡᠯᠮᠦᠷᠢ ᠠᠮᠵᠢᠯᠲᠠ  ᠶᠢ ᠦᠨᠡᠯᠡᠵᠦ ᠂ 1989ᠣᠨ  ᠳᠤ ︽ ᠷᠠᠳᠢᠣ᠋ ᠲᠧᠯᠸᠢᠰ  ᠦᠨ ᠲᠡᠷᠢᠭᠦᠨ  ᠦ ᠠᠵᠢᠯᠲᠠᠨ ︾ ᠲᠡᠮᠳᠡᠭ ᠣᠯᠭᠣᠵᠠᠶ ᠃ 1999ᠣᠨ  ᠳᠤ ᠮᠣᠩᠭᠣᠯ ᠤᠯᠤᠰ  ᠤᠨ ᠶᠡᠷᠦᠩᠬᠡᠶᠢᠯᠡᠭᠴᠢ  ᠶᠢᠨ ᠵᠠᠷᠯᠢᠭ   ᠢᠶᠠᠷ ᠰᠣᠶᠣᠯ  ᠤᠨ ᠭᠠᠪᠢᠶᠠᠲᠤ ᠵᠢᠳᠬᠦᠯᠲᠡᠨ  ᠦ ᠴᠣᠯᠠ ᠬᠦᠷᠲᠡᠪᠡ ᠃