ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠨᠠᠰᠤᠨᠴᠣᠭᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠨᠠᠰᠤᠨᠴᠣᠭᠲᠤ ︵ 1932~1989︶
ᠨᠠᠶᠢᠷᠠᠭᠤᠯᠤᠭᠴᠢ ᠂ ᠣᠷᠴᠢᠭᠤᠯᠤᠭᠴᠢ ᠃ ᠪᠦᠬᠦ ᠤᠯᠤᠰ  ᠤᠨ ᠰᠣᠶᠣᠯ    ᠤᠨ ᠲᠡᠷᠢᠭᠦᠨ  ᠦ ᠠᠵᠢᠯᠲᠠᠨ ᠂ ᠥᠪᠥᠷ ᠮᠣᠩᠭᠣᠯ  ᠤᠨ ᠵᠣᠣ ᠤᠳᠠ ᠠᠶᠢᠮᠠᠭ  ᠤᠨ ᠪᠠᠭᠠᠷᠢᠨ ᠪᠠᠷᠠᠭᠤᠨ ᠬᠣᠰᠢᠭᠤᠨ  ᠳᠤ ᠲᠥᠷᠥᠵᠡᠢ ᠂ ︽ ᠣᠳᠣ ᠦᠢ᠎ᠡ  ᠶᠢᠨ ᠮᠣᠩᠭᠣᠯ ᠬᠡᠯᠡ ︾ ᠂ ︽ ᠳᠡᠯᠡᠬᠡᠶ  ᠶᠢᠨ ᠺᠦᠮᠦᠨᠢᠰᠮ  ᠦᠨ ᠬᠥᠳᠡᠯᠭᠡᠭᠡᠨ  ᠦ ᠲᠡᠦᠬᠡ ︾ ᠂ ︽ ᠡᠷᠳᠡᠨᠢ  ᠶᠢᠨ ᠲᠣᠪᠴᠢ ︾ ᠂ ︽ ᠠᠯᠲᠠᠨ ᠲᠣᠪᠴᠢ ︾ ᠂ ︽ ᠮᠣᠩᠭᠣᠯ ᠲᠡᠦᠬᠡᠨ ᠥᠭᠦᠯᠡᠯ  ᠦᠨ ᠲᠡᠭᠦᠪᠦᠷᠢ ︾ ᠮᠡᠲᠦ  ᠶᠢᠨ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ ᠵᠢᠴᠢ ᠪᠦᠬᠦ ᠤᠯᠤᠰ   ᠤᠨ ᠬᠡᠪᠴᠢᠶᠡᠨ᠎ᠡ ᠨᠥᠯᠥᠭᠡ ᠶᠡᠬᠡ ᠲᠡᠶ ᠮᠣᠩᠭᠣᠯ  ᠨᠣᠮ ᠪᠢᠴᠢᠭ   ᠢ ᠨᠠᠶᠢᠷᠠᠭᠤᠯᠵᠤ ᠬᠡᠪᠯᠡᠭᠦᠯᠪᠡ ᠃ ᠲᠡᠭᠦᠨ  ᠦ ᠨᠠᠶᠢᠷᠠᠭᠤᠯᠵᠤ ᠬᠡᠪᠯᠡᠭᠰᠡᠨ ᠪᠢᠴᠢᠭ ᠬᠡᠳᠦᠨ ᠵᠠᠭᠤᠭᠠᠳ ᠂ ᠬᠢᠨᠠᠵᠤ ᠲᠣᠭᠲᠠᠭᠠᠭᠰᠠᠨ ᠡᠬᠡ ᠪᠢᠴᠢᠭ  ᠦᠨ ᠦᠰᠦᠭ  ᠦᠨ ᠲᠣᠭ᠎ᠠ ᠬᠡᠳᠦᠨ ᠮᠢᠩᠭᠠᠳ ᠲᠦᠮᠡ ᠬᠦᠷᠴᠡᠶ ᠃ ᠲᠡᠷᠡ  ᠪᠡᠷ ᠤᠷᠢᠳ ᠬᠣᠵᠢᠳ ︽ ᠥᠪᠥᠷ ᠮᠣᠩᠭᠣᠯ  ᠵᠠᠯᠠᠭᠤᠴᠤᠳ  ᠤᠨ ᠨᠡᠶᠢᠭᠡᠮ ᠵᠢᠷᠤᠮ  ᠢ ᠪᠦᠲᠦᠭᠡᠨ ᠪᠠᠶᠢᠭᠤᠯᠬᠤ ᠢᠳᠡᠪᠬᠢᠲᠡᠨ ︾ ︽ ᠪᠦᠬᠦ ᠤᠯᠤᠰ  ᠤᠨ ᠰᠣᠶᠣᠯ  ᠤᠨ ᠲᠡᠷᠢᠭᠦᠨ  ᠦ ᠠᠵᠢᠯᠲᠠᠨ ︾ ᠂ ︽ ᠥᠪᠥᠷ ᠮᠣᠩᠭᠣᠯ  ᠤᠨ ᠲᠡᠷᠢᠭᠦᠨ  ᠦ ᠠᠵᠢᠯᠲᠠᠨ ︾ ᠂ ᠪᠠ︽ᠪᠦᠬᠦ ᠤᠯᠤᠰ  ᠤᠨ ᠲᠡᠷᠢᠭᠦᠨ  ᠦ ᠠᠵᠢᠯᠲᠠᠨ ︾ ᠤ ᠢᠷᠠᠭᠤ ᠠᠯᠳᠠᠷ  ᠤᠨ ᠴᠣᠯᠠ  ᠶᠢ ᠬᠦᠷᠲᠡᠪᠡ ᠃