ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠠᠩ ᠹᠧᠩ ᠯᠢᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠠᠩ ᠹᠧᠩ ᠯᠢᠨ ︵ 1928—— ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠵᠢᠯᠤᠭᠤᠳᠤᠭᠴᠢ᠃ ᠪᠠᠰᠠ ᠵᠠᠩᠭ᠋ᠠᠵᠠᠪ ᠬᠡᠮᠡᠬᠦ ᠨᠡᠷ᠎ᠡ ᠲᠡᠢ᠂ ᠮᠣᠩᠭᠤᠯ ᠦᠨᠳᠦᠰᠦᠲᠡᠨ᠃ ᠥᠪᠦᠷ ᠮᠣᠩᠭᠤᠯ ᠤ᠋ᠨ ᠵᠤᠰᠤᠲᠤ ᠠᠢᠮᠠᠭ ᠤᠨ ᠲᠦᠮᠡᠳ ᠪᠠᠷᠠᠭᠤᠨ ᠬᠣᠰᠢᠭᠤ︵ᠣᠳᠣ ᠶ᠋ᠢᠨ ᠯᠢᠶᠣᠣᠨᠢᠩ ᠮᠤᠵᠢ ᠶᠢᠨ ᠴᠣᠣᠶᠠᠩ ᠬᠣᠲᠠ ︶ ᠳᠤ ᠨᠤᠲᠤᠭ ᠲᠠᠢ᠃ 1945 ᠣᠨ ᠤ 10 ᠰᠠᠷ᠎ᠠ ᠳᠤ ᠪᠠᠢ ᠴᠧᠩ ᠽᠢ ᠡᠴᠡ ᠷᠠᠰᠢᠶᠠᠨ ᠬᠦᠷᠬᠦ ᠲᠡᠮᠦᠷ ᠵᠠᠮ ᠤᠨ ᠵᠠᠮ ᠬᠠᠮᠠᠭᠠᠯᠠᠬᠤ ᠠᠩᠭᠢ ᠳᠤ ᠣᠷᠤᠪᠠ᠃ 1946 ᠣᠨ ᠤ 2 ᠰᠠᠷ᠎ᠠ ᠳᠤ ᠤᠯᠠᠭᠠᠨᠬᠣᠲᠠ ᠶᠢᠨ ᠴᠡᠷᠢᠭ ᠵᠠᠰᠠᠭ ᠤᠨ ᠺᠠᠳ᠋ᠷ ᠤ᠋ᠨ ᠰᠤᠷᠭᠠᠭᠤᠯᠢ ᠳᠤ ᠬᠦᠷᠭᠡᠭᠳᠡᠨ ᠰᠤᠷᠤᠯᠴᠠᠵᠤ᠂ ᠲᠤᠰ ᠵᠢᠯ ᠦᠨ 8 ᠰᠠᠷ᠎ᠠ ᠳᠤ ᠵᠤᠰᠤᠲᠤ ᠠᠢᠮᠠᠭ ᠤᠨ ᠴᠤᠪᠤᠭ᠎ᠠ ᠠᠩᠭᠢ ᠶᠢᠨ ᠮᠣᠷᠢᠲᠤ ᠴᠡᠷᠢᠭ ᠦᠨ 6 ᠳ᠋ᠤᠭᠠᠷ ᠰᠠᠯᠪᠤᠷᠢ ᠠᠩᠭᠢ ᠶᠢᠨ ᠰᠢᠭᠤᠳ ᠬᠠᠷᠢᠶ᠎ᠠ ᠰᠤᠮᠤᠨ ᠠᠩᠭᠢ ᠶᠢᠨ ᠰᠣᠶᠤᠯ ᠤᠨ ᠪᠠᠭᠰᠢ ᠪᠣᠯᠪᠠ᠃ 1947 ᠣᠨ ᠤ 1 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ ᠲᠡᠭᠦᠨ ᠡᠴᠡ ᠰᠡᠭᠦᠯᠡᠷ ᠰᠠᠯᠪᠤᠷᠢ ᠠᠩᠭᠢ ᠶᠢᠨ ᠤᠯᠤᠰ ᠲᠥᠷᠦ ᠶᠢᠨ ᠭᠠᠵᠠᠷ ᠤᠨ ᠱᠦᠵᠢ᠂ ᠮᠣᠷᠢᠲᠤ ᠴᠡᠷᠢᠭ ᠦᠨ 5 ᠳ᠋ᠤᠭᠠᠷ ᠰᠤᠮᠤᠨ ᠠᠩᠭᠢ ᠶᠢᠨ ᠵᠢᠭᠠᠨ ᠵᠢᠯᠤᠭᠤᠳᠤᠭᠴᠢ ᠶᠢᠨ ᠲᠤᠰᠢᠶᠠᠯ ᠢ ᠬᠠᠷᠢᠭᠤᠴᠠᠪᠠ᠃ ᠡᠨᠡ ᠬᠦ ᠬᠤᠭᠤᠴᠠᠭᠠᠨ ᠳᠤ ᠲᠡᠷᠡ ᠱᠢ ᠬᠤᠢ᠂ ᠰᠢᠶᠣᠣ ᠾᠧ ᠶᠠᠨ᠂ ᠡᠦ ᠵᠢᠶᠠ ᠸᠠᠨ᠂ ᠪᠠᠷᠬᠠᠨ ᠵᠡᠷᠭᠡ ᠭᠠᠵᠠᠷ ᠤᠨ ᠲᠤᠯᠤᠯᠳᠤᠭᠠᠨ ᠳᠤ ᠣᠷᠤᠯᠴᠠᠵᠠᠢ᠃ 1947 ᠣᠨ ᠤ 9 ᠰᠠᠷ᠎ᠠ ᠳᠤ᠂ ᠰᠠᠯᠪᠤᠷᠢ ᠠᠩᠭᠢ ᠶᠢᠨ ᠲᠠᠨᠢᠯᠴᠠᠭᠤᠯᠭ᠎ᠠ ᠪᠠᠷ ᠥᠪᠦᠷ ᠮᠣᠩᠭᠤᠯ ᠤ᠋ᠨ ᠴᠡᠷᠢᠭ ᠵᠠᠰᠠᠭ ᠤᠨ ᠶᠡᠬᠡ ᠰᠤᠷᠭᠠᠭᠤᠯᠢ ᠳᠤ ᠰᠤᠷᠤᠯᠴᠠᠵᠤ᠂ ᠰᠤᠷᠤᠯᠭ᠎ᠠ ᠪᠠᠨ ᠲᠡᠭᠦᠰᠭᠡᠭᠰᠡᠨ ᠦ᠌ ᠳᠠᠷᠠᠭ᠎ᠠ ᠰᠤᠷᠭᠠᠭᠤᠯᠢ ᠳᠠᠭᠠᠨ ᠦᠯᠡᠳᠡᠵᠦ ᠰᠤᠷᠤᠭᠴᠢᠳ ᠤᠨ ᠠᠩᠭᠢ ᠶᠢᠨ ᠠᠩᠭᠢ ᠶᠢᠨ ᠳᠠᠷᠤᠭ᠎ᠠ᠂ ᠰᠤᠷᠭᠠᠭᠤᠯᠢ ᠶᠢᠨ ᠤᠯᠤᠰ ᠲᠥᠷᠦ ᠶᠢᠨ ᠬᠡᠯᠲᠡᠰ ᠦᠨ ᠵᠣᠬᠢᠶᠠᠨ ᠪᠠᠢᠭᠤᠯᠬᠤ ᠠᠵᠢᠯᠲᠠᠨ᠂ ᠰᠠᠯᠠᠭᠠᠨ ᠳᠠᠷᠤᠭ᠎ᠠ ᠪᠣᠯᠪᠠ᠃ ᠡᠯ᠎ᠡ ᠲᠠᠯ᠎ᠠ ᠶᠢᠨ ᠠᠵᠢᠯ ᠳᠤ ᠴᠥᠮ ᠬᠣᠰᠢᠭᠤᠴᠢᠯᠠᠨ ᠠᠵᠢᠯᠯᠠᠵᠤ᠂ ᠠᠵᠢᠯ ᠤᠨ ᠠᠮᠵᠢᠯᠲᠠ ᠪᠠᠷ ᠳᠣᠪᠤᠢᠮ᠎ᠠ ᠪᠣᠯᠬᠣᠷ 3 ᠳ᠋ᠤᠭᠠᠷ ᠲᠠᠰ ᠤᠨ ᠭᠠᠪᠢᠶ᠎ᠠ ᠶᠢ ᠨᠢᠭᠡᠨ ᠤᠳᠠᠭ᠎ᠠ ᠪᠠᠢᠭᠤᠯᠪᠠ᠃ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ ᠤ ᠳᠠᠷᠠᠭ᠎ᠠ᠂ 1953 ᠣᠨ ᠤ 8 ᠰᠠᠷ᠎ᠠ ᠳᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠺᠠᠳ᠋ᠷ ᠤᠨ ᠬᠠᠮᠢᠶᠠᠷᠤᠯᠲᠠ ᠶᠢᠨ ᠬᠡᠯᠲᠡᠰ ᠦᠨ ᠲᠤᠰᠠᠯᠠᠭᠴᠢ ᠪᠣᠯᠵᠤ᠂ 1954 ᠣᠨ ᠤ 6 ᠰᠠᠷ᠎ᠠ ᠳᠤ ᠥᠪᠦᠷ ᠮᠣᠩᠭᠤᠯ ᠤ᠋ᠨ ᠵᠢᠷᠢᠮ ᠦᠨ ᠴᠡᠷᠢᠭ ᠦᠨ ᠬᠤᠪᠢᠶᠠᠷᠢ ᠲᠣᠭᠤᠷᠢᠭ ᠤᠨ ᠺᠠᠳ᠋ᠷ ᠤ᠋ᠨ ᠰᠠᠯᠠᠭ᠎ᠠ ᠶᠢᠨ ᠰᠠᠯᠠᠭᠠᠨ ᠳᠠᠷᠤᠭ᠎ᠠ ᠪᠣᠯᠵᠤ᠂ 1956 ᠣᠨ ᠤ 6 ᠰᠠᠷ᠎ᠠ ᠳᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠪᠡᠯᠡᠳᠭᠡᠯ ᠴᠡᠷᠢᠭ ᠦᠨ ᠺᠠᠳ᠋ᠷ ᠤᠨ ᠳᠠᠢᠴᠢᠯᠠᠯᠲᠠ ᠶᠢᠨ ᠭᠠᠵᠠᠷ ᠤᠨ ᠳᠠᠷᠤᠭ᠎ᠠ ᠪᠣᠯᠪᠠ᠃ 1958 ᠣᠨ ᠳᠤ ᠥᠪᠦᠷ ᠮᠣᠩᠭᠤᠯ ᠤ᠋ᠨ ᠵᠢᠷᠢᠮ ᠦᠨ ᠴᠡᠷᠢᠭ ᠦᠨ ᠬᠤᠪᠢᠶᠠᠷᠢ ᠲᠣᠭᠤᠷᠢᠭ ᠤᠨ ᠤᠯᠤᠰ ᠲᠥᠷᠦ ᠶᠢᠨ ᠬᠡᠯᠲᠡᠰ ᠦᠨ ᠳᠡᠳ᠋ ᠡᠷᠬᠢᠯᠡᠭᠴᠢ᠂ ᠡᠷᠬᠢᠯᠡᠭᠴᠢ ᠪᠣᠯᠵᠤ᠂ ᠰᠡᠭᠦᠯᠡᠷ ᠨᠢ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦ᠋ᠨ ᠤᠯᠤᠰ ᠲᠥᠷᠦ ᠶᠢᠨ ᠳᠡᠭᠡᠳᠦ ᠰᠤᠷᠭᠠᠭᠤᠯᠢ ᠳᠤ ᠰᠤᠷᠤᠯᠴᠠᠭᠰᠠᠨ ᠶᠤᠮ᠃1966 ᠣᠨ ᠤ 4 ᠰᠠᠷ᠎ᠠ ᠳᠤ ᠤᠯᠤᠰ ᠤᠨ ᠪᠠᠲᠤᠯᠠᠨ ᠬᠠᠮᠠᠭᠠᠯᠠᠯᠲᠠ ᠶᠢᠨ ᠮᠣᠷᠢᠲᠤ ᠴᠡᠷᠢᠭ ᠦ᠋ᠨ 5 ᠳ᠋ᠤᠭᠠᠷ ᠳ᠋ᠢᠸᠢᠽᠢ ᠶᠢᠨ ᠤᠯᠤᠰ ᠲᠥᠷᠦ ᠶᠢᠨ ᠬᠡᠯᠲᠡᠰ ᠦᠨ ᠡᠷᠬᠢᠯᠡᠭᠴᠢ ᠪᠣᠯᠪᠠ᠃ 1974 ᠣᠨ ᠤ 12 ᠰᠠᠷ᠎ᠠ ᠳᠤ ᠥᠪᠦᠷ ᠮᠣᠩᠭᠤᠯ ᠤ᠋ᠨ ᠪᠠᠶᠠᠨᠨᠠᠭᠤᠷ ᠤᠨ ᠴᠡᠷᠢᠭ ᠦ᠋ᠨ ᠬᠤᠪᠢᠶᠠᠷᠢ ᠲᠣᠭᠤᠷᠢᠭ ᠤᠨ ᠳᠡᠳ᠋ ᠤᠯᠤᠰ ᠲᠥᠷᠦ ᠶᠢᠨ ᠺᠣᠮᠢᠰᠰᠠᠷ ᠪᠣᠯᠵᠤ᠂ ᠰᠡᠭᠦᠯᠡᠷ ᠨᠢ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠲᠤᠰᠠᠭᠠᠷ ᠳ᠋ᠢᠸᠢᠽᠢ ᠶᠢᠨ ᠳᠡᠳ᠋ ᠤᠯᠤᠰ ᠲᠥᠷᠦ ᠶᠢᠨ ᠺᠣᠮᠢᠰᠰᠠᠷ ᠪᠣᠯᠵᠠᠢ᠃ 1978 ᠣᠨ ᠳᠤ ᠪᠡᠭᠡᠵᠢᠩ ᠦᠨ ᠴᠡᠷᠢᠭ ᠦᠨ ᠲᠣᠭᠤᠷᠢᠭ ᠤᠨ ᠤᠯᠤᠰ ᠲᠥᠷᠦ ᠶᠢᠨ ᠬᠡᠯᠲᠡᠰ ᠦᠨ ᠵᠣᠬᠢᠶᠠᠨ ᠪᠠᠢᠭᠤᠯᠬᠤ ᠭᠠᠵᠠᠷ ᠤᠨ ᠳᠡᠳ᠋ ᠬᠡᠯᠲᠡᠰ ᠦᠨ ᠳᠠᠷᠤᠭ᠎ᠠ ᠪᠣᠯᠪᠠ᠃ 1980 ᠣᠨ ᠤ 6 ᠰᠠᠷ᠎ᠠ ᠳᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠤᠯᠤᠰ ᠲᠥᠷᠦ ᠶᠢᠨ ᠬᠡᠯᠲᠡᠰ ᠦᠨ ᠳᠡᠳ᠋ ᠡᠷᠬᠢᠯᠡᠭᠴᠢ᠂ ᠡᠷᠬᠢᠯᠡᠭᠴᠢ ᠪᠣᠯᠵᠤ᠂ 1985 ᠣᠨ ᠤ 6 ᠰᠠᠷ᠎ᠠ ᠳᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠳᠡᠳ᠋ ᠤᠯᠤᠰ ᠲᠥᠷᠦ ᠶᠢᠨ ᠺᠣᠮᠢᠰᠰᠠᠷ ᠪᠣᠯᠵᠠᠢ᠃ 《ᠰᠣᠶᠤᠯ ᠤᠨ ᠶᠡᠬᠡ ᠬᠤᠪᠢᠰᠭᠠᠯ》 ᠳᠤᠮᠳᠠ ᠰᠦᠷᠡᠬᠡᠢ ᠬᠣᠣᠷ ᠠᠮᠰᠠᠪᠠ᠃ ᠲᠡᠷᠡ 3 ᠳ᠋ᠤᠭᠠᠷ ᠲᠠᠰ ᠤᠨ ᠴᠢᠯᠦᠭᠡᠯᠡᠯᠲᠡ ᠶ᠋ᠢᠨ ᠣᠳᠤᠨ ᠮᠧᠳᠠᠯ ᠪᠠ ᠢᠯᠠᠯᠲᠠ ᠶᠢᠨ ᠭᠠᠪᠢᠶᠠᠨ ᠤ ᠢᠷᠠᠭᠤ ᠠᠯᠳᠠᠷᠲᠤ ᠣᠳᠤᠨ ᠮᠧᠳᠠᠯ ᠠᠴᠠ ᠭᠠᠷᠳᠠᠵᠠᠢ᠃ 1988 ᠣᠨ ᠤ 9 ᠰᠠᠷ᠎ᠠ ᠳᠤ ᠠᠵᠢᠯ ᠤᠨ ᠠᠮᠠᠷᠠᠯᠲᠠ ᠪᠠᠨ ᠠᠪᠴᠠᠢ᠃