ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠦᠮᠡᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠦᠮᠡᠨ ︵ 1928—— ︶ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠲᠥᠪ ᠦ᠋ᠨ ᠴᠡᠷᠢᠭ ᠦᠨ ᠶᠠᠪᠤᠳᠠᠯ ᠤᠨ ᠬᠣᠷᠢᠶᠠᠨ ᠤ᠋ ᠬᠠᠤᠯᠢ ᠴᠠᠭᠠᠵᠠ ᠶᠢᠨ ᠲᠣᠪᠴᠢᠶᠠᠨ ᠤ ᠲᠣᠪᠴᠢᠶᠠᠨ ᠳᠠᠷᠤᠭ᠎ᠠ᠂ ᠬᠠᠤᠯᠢᠴᠢᠨ᠃ ᠿᠧᠾᠧ ᠮᠤᠵᠢ ᠶᠢᠨ ᠬᠠᠷᠠᠴᠢᠨ ᠵᠡᠭᠦᠨ ᠬᠣᠰᠢᠭᠤᠨ︵ᠣᠳᠣ ᠶ᠋ᠢᠨ ᠯᠢᠶᠣᠣᠨᠢᠩ ᠮᠤᠵᠢ ᠶᠢᠨ ᠬᠠᠷᠠᠴᠢᠨ ᠵᠡᠭᠦᠨ ᠭᠠᠷᠤᠨ ᠮᠣᠩᠭᠤᠯ ᠦᠨᠳᠦᠰᠦᠲᠡᠨ ᠦ ᠥᠪᠡᠷᠲᠡᠭᠡᠨ ᠵᠠᠰᠠᠬᠤ ᠰᠢᠶᠠᠨ︶ ᠤ ᠪᠡᠢᠰᠡ ᠶᠢᠨ ᠠᠭᠤᠯᠠ ᠶᠢᠨ ᠨᠢᠭᠡᠨ ᠶᠠᠳᠠᠭᠤ ᠲᠠᠷᠢᠶᠠᠴᠢᠨ ᠤ ᠬᠡᠷ ᠲᠦ ᠲᠥᠷᠦᠵᠦ ᠥᠰᠴᠡᠢ᠃ ᠮᠣᠩᠭᠤᠯ ᠦᠨᠳᠦᠰᠦᠲᠡᠨ᠂ ᠪᠠᠰᠠ ᠲᠦᠮᠡᠨᠪᠢᠯᠢᠭᠲᠦ ᠬᠡᠮᠡᠬᠦ ᠨᠡᠷ᠎ᠡ ᠶᠢ ᠬᠡᠷᠡᠭᠯᠡᠵᠦ ᠥᠩᠭᠡᠷᠡᠭᠰᠡᠨ ᠪᠢᠯᠡ᠃ 1943 ᠣᠨ ᠳᠤ ᠸᠠᠩ ᠤᠨ ᠰᠦᠮ᠎ᠡ︵ᠣᠳᠣ ᠶ᠋ᠢᠨ ᠤᠯᠠᠭᠠᠨᠬᠣᠲᠠ ︶ ᠶᠢᠨ ᠬᠢᠩᠭᠠᠨ ᠳᠡᠭᠡᠳᠦ ᠰᠤᠷᠭᠠᠭᠤᠯᠢ ᠳᠤ ᠰᠢᠯᠭᠠᠨ ᠣᠷᠤᠵᠤ᠂ 1946 ᠣᠨ ᠤ 3 ᠰᠠᠷ᠎ᠠ ᠳᠤ ᠸᠠᠩ ᠤᠨ ᠰᠦᠮ᠎ᠡ ᠶᠢᠨ ᠴᠡᠷᠢᠭ ᠵᠠᠰᠠᠭ ᠤᠨ ᠺᠠᠳ᠋ᠷ ᠤᠨ ᠰᠤᠷᠭᠠᠭᠤᠯᠢ ᠳᠤ ᠰᠤᠷᠤᠯᠴᠠᠵᠤ᠂ ᠲᠤᠰ ᠵᠢᠯ ᠦᠨ 5 ᠰᠠᠷ᠎ᠠ ᠳᠤ ᠵᠡᠭᠦᠨ ᠬᠣᠢᠲᠤ ᠣᠷᠤᠨ ᠤ᠋ ᠴᠡᠷᠢᠭ ᠵᠠᠰᠠᠭ ᠤᠨ ᠶᠡᠬᠡ ᠰᠤᠷᠭᠠᠭᠤᠯᠢ ᠳᠤ ᠰᠤᠷᠤᠯᠴᠠᠭᠰᠠᠨ ᠶᠤᠮ᠃ 8 ᠰᠠᠷ᠎ᠠ ᠳᠤ ᠥᠪᠦᠷ ᠮᠣᠩᠭᠤᠯ ᠤ᠋ᠨ ᠠᠷᠠᠳ ᠤᠨ ᠬᠤᠪᠢᠰᠭᠠᠯᠲᠤ ᠵᠠᠯᠠᠭᠤᠴᠤᠳ ᠤᠨ ᠡᠪᠯᠡᠯ ᠳᠦ ᠣᠷᠤᠪᠠ᠃ ᠳᠠᠷᠠᠭ᠎ᠠ ᠵᠢᠯ ᠦᠨ ᠬᠢᠨᠢ 11 ᠰᠠᠷ᠎ᠠ ᠳᠤ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ  ᠶᠢᠨ 3 ᠳ᠋ᠤᠭᠠᠷ ᠬᠣᠷᠢᠶᠠᠨ ᠤ᠋ 6 ᠳ᠋ᠤᠭᠠᠷ ᠰᠤᠮᠤᠨ ᠠᠩᠭᠢ ᠶᠢᠨ ᠤᠯᠤᠰ ᠲᠥᠷᠦ ᠶᠢᠨ ᠵᠢᠭᠠᠨ ᠵᠢᠯᠤᠭᠤᠳᠤᠭᠴᠢ ᠪᠣᠯᠪᠠ᠃ 1947 ᠣᠨ ᠤ 4 ᠰᠠᠷ᠎ᠠ ᠶᠢᠨ 4 ᠤ ᠡᠳᠦᠷ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠭᠡᠳ ᠴᠡᠷᠢᠭ ᠠᠩᠭᠢ ᠪᠠᠨ ᠳᠠᠭᠠᠵᠤ ᠵᠡᠭᠦᠨ ᠬᠣᠢᠲᠤ ᠣᠷᠤᠨ ᠤ᠋ ᠲᠡᠢᠨ ᠦ ᠲᠠᠯᠠᠪᠤᠷ ᠲᠤ ᠤᠵᠢᠵᠤ ᠵᠤᠨ ᠨᠠᠮᠤᠷ ᠡᠪᠦᠯ ᠦᠨ ᠤᠯᠠᠷᠢᠯ ᠤᠨ ᠳᠠᠭᠠᠷᠢᠯᠲᠠ ᠳᠤ ᠣᠷᠤᠯᠴᠠᠨ 1848 ᠣᠨ ᠳᠤ ᠴᠠᠩᠴᠦ᠋ᠨ ᠢ ᠪᠦᠰᠡᠯᠡᠭᠰᠡᠨ ᠳᠠᠢᠯᠠᠯᠳᠤᠭᠠᠨ᠂ ᠯᠢᠶᠣᠣ ᠱᠧᠨ ᠦ ᠳᠠᠢᠯᠠᠯᠳᠤᠭᠠᠨ ᠳᠤ ᠣᠷᠤᠯᠴᠠᠭᠰᠠᠨ ᠪᠠᠢᠵᠠᠢ᠃ ᠲᠤᠰ ᠵᠢᠯ ᠦᠨ ᠡᠪᠦᠯ ᠡᠴᠡ 1949 ᠣᠨ ᠤ ᠵᠤᠨ ᠪᠣᠯᠲᠠᠯᠠᠬᠢ ᠬᠤᠭᠤᠴᠠᠭᠠᠨ ᠳᠤ ᠰᠢᠯᠢ ᠶᠢᠨ ᠭᠣᠣᠯ ᠠᠢᠮᠠᠭ ᠲᠤ ᠳᠡᠭᠡᠷᠡᠮ ᠬᠤᠯᠠᠭᠠᠢ ᠶᠢ ᠱᠦᠭᠦᠷᠳᠡᠨ ᠠᠷᠢᠯᠭᠠᠬᠤ ᠲᠤᠯᠤᠯᠳᠤᠭᠠᠨ ᠳᠤ ᠣᠷᠤᠯᠴᠠᠪᠠ᠃ 1948 ᠣᠨ ᠤ 3 ᠰᠠᠷ᠎ᠠ ᠠᠴᠠ l952 ᠣᠨ ᠤ 5 ᠰᠠᠷ᠎ᠠ ᠪᠣᠯᠲᠠᠯ᠎ᠠ ᠬᠣᠷᠢᠶᠠᠨ ᠤ᠋ ᠪᠠᠲᠤᠯᠠᠨ ᠬᠠᠮᠠᠭᠠᠯᠠᠬᠤ ᠠᠵᠢᠯᠲᠠᠨ᠂ ᠳ᠋ᠢᠸᠢᠽᠢ ᠶᠢᠨ ᠪᠠᠲᠤᠯᠠᠨ ᠬᠠᠮᠠᠭᠠᠯᠠᠬᠤ ᠰᠠᠯᠠᠭ᠎ᠠ ᠶᠢᠨ ᠳᠡᠳ᠋ ᠰᠠᠯᠠᠭᠠᠨ ᠳᠠᠷᠤᠭ᠎ᠠ᠂ ᠴᠠᠬᠠᠷ ᠤᠨ ᠴᠡᠷᠢᠭ ᠦᠨ ᠬᠤᠪᠢᠶᠠᠷᠢ ᠲᠣᠭᠤᠷᠢᠭ ᠤᠨ ᠪᠠᠲᠤᠯᠠᠨ ᠬᠠᠮᠠᠭᠠᠯᠠᠬᠤ ᠰᠠᠯᠠᠭ᠎ᠠ ᠶᠢᠨ ᠰᠠᠯᠠᠭᠠᠨ ᠳᠠᠷᠤᠭ᠎ᠠ᠂ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠤᠯᠤᠰ ᠲᠥᠷᠦ ᠶᠢᠨ ᠬᠡᠯᠲᠡᠰ ᠦᠨ ᠪᠠᠲᠤᠯᠠᠨ ᠬᠠᠮᠠᠭᠠᠯᠠᠬᠤ ᠰᠠᠯᠠᠭ᠎ᠠ ᠶᠢᠨ ᠳᠡᠳ᠋ ᠰᠠᠯᠠᠭᠠᠨ ᠳᠠᠷᠤᠭ᠎ᠠ ᠶᠢᠨ ᠲᠤᠰᠢᠶᠠᠯ ᠤᠳ ᠢ ᠬᠠᠷᠢᠭᠤᠴᠠᠵᠠᠢ᠃ 1953—— 1954 ᠣᠨ ᠳᠤ ᠲᠥᠪ ᠦ᠋ᠨ ᠳᠣᠲᠤᠭᠠᠳᠤ ᠶ᠋ᠢ ᠬᠠᠮᠠᠭᠠᠯᠠᠬᠤ ᠳᠡᠭᠡᠳᠦ ᠰᠤᠷᠭᠠᠭᠤᠯᠢ ᠳᠤ ᠰᠤᠷᠤᠯᠴᠠᠪᠠ᠃ 1355 ᠣᠨ ᠤ 5 ᠰᠠᠷ᠎ᠠ ᠳᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠪᠠᠲᠤᠯᠠᠨ ᠬᠠᠮᠠᠭᠠᠯᠠᠬᠤ ᠭᠠᠵᠠᠷ ᠤᠨ ᠳᠠᠷᠤᠭ᠎ᠠ ᠪᠣᠯᠵᠤ ᠲᠤᠰ ᠵᠢᠯ ᠳᠦ ᠬᠣᠰᠢᠭᠤᠴᠢ ᠬᠤᠷᠠᠩᠳᠠ ᠶᠢᠨ ᠴᠡᠷᠢᠭ ᠦᠨ ᠴᠣᠯᠠ ᠣᠯᠵᠠᠢ᠃ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠲᠣᠮᠤ ᠴᠡᠷᠢᠭ ᠦ᠋ᠨ ᠲᠣᠭᠤᠷᠢᠭ ᠪᠣᠯᠤᠨ ᠳᠡᠪᠰᠢᠭᠰᠡᠨ ᠦ᠌ ᠳᠠᠷᠠᠭ᠎ᠠ᠂ 1960 ᠣᠨ ᠤ 4 ᠰᠠᠷ᠎ᠠ ᠠᠴᠠ 1969 ᠣᠨ ᠤ 12 ᠰᠠᠷ᠎ᠠ ᠪᠣᠯᠲᠠᠯ᠎ᠠ ᠪᠠᠲᠤᠯᠠᠨ ᠬᠠᠮᠠᠭᠠᠯᠠᠬᠤ ᠬᠡᠯᠲᠡᠰ ᠦᠨ ᠳᠡᠳ᠋ ᠬᠡᠯᠲᠡᠰ ᠦᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠠᠢ᠃ 1960 ᠣᠨ ᠳᠤ ᠳᠡᠰᠯᠡᠭᠴᠢ ᠬᠤᠷᠠᠩᠳᠠ ᠪᠣᠯᠤᠨ ᠳᠠᠪᠰᠢᠪᠠ᠃ 1964 ᠣᠨ ᠳᠤ ᠬᠤᠷᠠᠩᠳᠠ ᠪᠣᠯᠤᠨ ᠳᠠᠪᠰᠢᠵᠠᠢ᠃ ᠡᠨᠡ ᠬᠦ ᠬᠤᠭᠤᠴᠠᠭᠠᠨ ᠳᠤ ᠠᠵᠢᠯ ᠤᠨ ᠠᠮᠵᠢᠯᠲᠠ ᠪᠠᠷ ᠳᠣᠪᠤᠢᠮ᠎ᠠ ᠲᠤᠯᠠ ᠲᠡᠷᠢᠭᠦᠨ ᠦ ᠪᠠᠲᠤᠯᠠᠨ ᠬᠠᠮᠠᠭᠠᠯᠠᠬᠤ ᠺᠠᠳ᠋ᠷ ᠢ᠋ᠶ᠋ᠠᠷ ᠰᠣᠩᠭᠤᠭᠳᠠᠵᠤ ᠪᠦᠬᠦ ᠤᠯᠤᠰ ᠤᠨ ᠳᠣᠲᠤᠭᠠᠳᠤ ᠶ᠋ᠢ ᠬᠠᠮᠠᠭᠠᠯᠠᠬᠤ ᠰᠢᠰᠲ᠋ᠧᠮ ᠦᠨ ᠲᠡᠷᠢᠭᠦᠨ ᠦ ᠠᠵᠢᠯᠲᠠᠨ ᠤ ᠶᠡᠬᠡ ᠬᠤᠷᠠᠯ ᠳᠤ ᠣᠷᠤᠯᠴᠠᠭᠠᠳ ᠳᠣᠲᠤᠭᠠᠳᠤ ᠶ᠋ᠢ ᠬᠠᠮᠠᠭᠠᠯᠠᠬᠤ ᠶᠠᠮᠤᠨ ᠪᠠ ᠶᠡᠷᠦᠩᠬᠡᠢ ᠤᠯᠤᠰ ᠲᠥᠷᠦ ᠶᠢᠨ ᠬᠡᠯᠲᠡᠰ ᠦᠨ ᠰᠠᠢᠰᠢᠶᠠᠯ ᠢ ᠣᠯᠵᠠᠢ᠃ l967 ᠣᠨ ᠳᠤ ᠥᠪᠦᠷ ᠮᠣᠩᠭᠤᠯ ᠤ᠋ᠨ ᠳᠣᠲᠤᠭᠠᠳᠤ ᠶ᠋ᠢ ᠬᠠᠮᠠᠭᠠᠯᠠᠬᠤ ᠲᠢᠩᠬᠢᠮ ᠦᠨ ᠴᠡᠷᠢᠭ ᠲᠡᠢᠨ ᠦ ᠬᠠᠮᠢᠶᠠᠷᠤᠯᠲᠠ ᠶᠢᠨ ᠵᠥᠪᠯᠡᠯ ᠦ᠋ᠨ ᠡᠷᠬᠢᠯᠡᠭᠴᠢ ᠪᠣᠯᠪᠠ᠃ l974 ᠣᠨ ᠤ l ᠰᠠᠷ᠎ᠠ ᠳᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠠᠷᠤ ᠲᠠᠯ᠎ᠠ ᠶᠢᠨ ᠠᠵᠢᠯ ᠤᠨ ᠬᠡᠯᠲᠡᠰ ᠦᠨ ᠳᠡᠳ᠋ ᠺᠣᠮᠢᠰᠰᠠᠷ ᠪᠣᠯᠪᠠ᠃ 1978 ᠣᠨ ᠤ 8 ᠰᠠᠷ᠎ᠠ ᠳᠤ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠶᠡᠷᠦᠩᠬᠡᠢ ᠤᠯᠤᠰ ᠲᠥᠷᠦ ᠶᠢᠨ ᠬᠡᠯᠲᠡᠰ ᠦᠨ ᠲᠥᠷᠦ ᠶᠢᠨ ᠪᠣᠳᠤᠯᠭ᠎ᠠ ᠨᠠᠢᠳᠠᠪᠤᠷᠢᠵᠢᠭᠤᠯᠬᠤ ᠠᠯᠪᠠᠨ ᠬᠡᠷ ᠲᠦ ᠠᠵᠢᠯ ᠰᠢᠯᠵᠢᠵᠦ ᠠᠵᠢᠯᠯᠠᠭᠰᠠᠨ ᠶᠤᠮ᠃ 1979 ᠣᠨ ᠤ l ᠰᠠᠷ᠎ᠠ ᠶᠢᠨ 25 ᠤ ᠡᠳᠦᠷ ᠴᠡᠷᠢᠭ ᠦᠨ ᠶᠠᠪᠤᠳᠠᠯ ᠤᠨ ᠪᠠᠢᠴᠠᠭᠠᠬᠤ ᠬᠣᠷᠢᠶᠠᠨ ᠤ᠋ ᠪᠠᠢᠴᠠᠭᠠᠬᠤ ᠭᠠᠵᠠᠷ ᠤᠨ ᠳᠠᠷᠤᠭ᠎ᠠ ᠪᠣᠯᠪᠠ᠃ ᠲᠤᠰ ᠵᠢᠯ ᠦᠨ 9 ᠰᠠᠷ᠎ᠠ ᠳᠤ ᠶᠡᠷᠦᠩᠬᠡᠢ ᠤᠯᠤᠰ ᠲᠥᠷᠦ ᠶᠢᠨ ᠬᠡᠯᠲᠡᠰ ᠦᠨ ᠯᠢᠨ ᠪᠢᠶᠣᠣ ᠶᠢᠨ ᠬᠡᠷᠡᠭ ᠢ ᠬᠢᠨᠠᠨ ᠪᠠᠢᠴᠠᠭᠠᠬᠤ ᠠᠯᠪᠠᠨ ᠬᠡᠷ ᠦᠨ ᠳᠡᠳ᠋ ᠡᠷᠬᠢᠯᠡᠭᠴᠢ ᠶᠢᠨ ᠲᠤᠰᠢᠶᠠᠯ ᠢ᠋ ᠬᠠᠪᠰᠤᠷᠭᠠᠨ ᠬᠠᠷᠢᠭᠤᠴᠠᠵᠤ ᠯᠢᠨ ᠪᠢᠶᠣᠣ ᠶᠢᠨ ᠪᠦᠯᠦᠭ ᠢ ᠰᠢᠭᠦᠨ ᠪᠠᠢᠵᠠᠭᠠᠬᠤ ᠪᠠ ᠵᠠᠭᠠᠯᠳᠤᠯᠭ᠎ᠠ ᠶᠢᠨ ᠪᠢᠴᠢᠭ ᠦᠨ ᠡᠬᠡ ᠨᠣᠣᠷᠠᠭ ᠢ ᠪᠢᠴᠢᠬᠦ ᠠᠵᠢᠯ ᠳᠤ ᠣᠷᠤᠯᠴᠠᠭᠰᠠᠨ ᠶᠤᠮ᠃ 1980 ᠣᠨ ᠤ 4 ᠰᠠᠷ᠎ᠠ ᠳᠤ ᠴᠡᠷᠢᠭ ᠦᠨ ᠶᠠᠪᠤᠳᠠᠯ ᠤᠨ ᠪᠠᠢᠴᠠᠭᠠᠬᠤ ᠬᠣᠷᠢᠶᠠᠨ ᠤ᠋ ᠳᠡᠳ᠋ ᠪᠠᠢᠴᠠᠭᠠᠭᠴᠢ ᠳᠠᠷᠤᠭ᠎ᠠ ᠪᠣᠯᠪᠠ᠃ 1984 ᠣᠨ ᠤ 9 ᠰᠠᠷ᠎ᠠ ᠠᠴᠠ 1985 ᠣᠨ ᠤ 2 ᠰᠠᠷ᠎ᠠ ᠪᠣᠯᠲᠠᠯ᠎ᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠶᠠᠨ ᠤ᠋ ᠨᠠᠮ ᠤᠨ ᠰᠤᠷᠭᠠᠭᠤᠯᠢ ᠳᠤ ᠰᠤᠷᠤᠯᠴᠠᠵᠠᠢ᠃ 1985 ᠣᠨ ᠤ 8 ᠰᠠᠷ᠎ᠠ ᠳᠤ ᠪᠦᠬᠦ ᠴᠡᠷᠢᠭ ᠦᠨ ᠨᠠᠮ ᠴᠡᠭᠴᠡᠯᠡᠬᠦ ᠠᠯᠪᠠᠨ ᠬᠡᠷ ᠲᠦ ᠣᠴᠢᠵᠤ ᠠᠵᠢᠯᠯᠠᠪᠠ᠃ l986 ᠣᠨ ᠤ 4 ᠰᠠᠷ᠎ᠠ ᠳᠤ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠴᠡᠷᠢᠭ ᠲᠡᠢᠨ ᠦ ᠰᠢᠭᠦᠬᠦ ᠬᠣᠷᠢᠶᠠᠨ ᠤ ᠳᠡᠳ᠋ ᠬᠣᠷᠢᠶᠠᠨ ᠳᠠᠷᠤᠭ᠎ᠠ ᠪᠣᠯᠤᠭᠠᠳ ᠪᠠᠰᠠ ᠪᠦᠬᠦ ᠴᠡᠷᠢᠭ ᠦᠨ ᠲᠥᠷᠦ ᠶᠢᠨ ᠪᠣᠳᠤᠯᠭ᠎ᠠ ᠨᠠᠢᠳᠠᠪᠤᠷᠢᠵᠢᠭᠤᠯᠬᠤ ᠠᠯᠪᠠᠨ ᠬᠡᠷ ᠦᠨ ᠠᠵᠢᠯ ᠢᠶᠠᠨ ᠬᠠᠪᠰᠤᠷᠭᠠᠨ ᠬᠠᠷᠢᠭᠤᠴᠠᠵᠠᠢ᠃ ᠤᠷᠢᠳ ᠬᠣᠵᠢᠳ 7 ᠵᠢᠯ ᠦᠨ ᠤᠷᠲᠤ ᠬᠤᠭᠤᠴᠠᠭᠠᠨ ᠳᠤ ᠲᠥᠷᠦ ᠶᠢᠨ ᠪᠣᠳᠤᠯᠭ᠎ᠠ ᠨᠠᠢᠳᠠᠪᠤᠷᠢᠵᠢᠭᠤᠯᠬᠤ ᠠᠵᠢᠯ ᠢ ᠭᠠᠷᠳᠠᠨ ᠬᠢᠭᠡᠳ ᠬᠢᠯᠢᠰᠳᠡᠭᠰᠡᠨ ᠬᠥᠮᠦᠰ ᠦ᠋ᠨ ᠬᠢᠯᠢᠰ ᠢ ᠴᠠᠭᠠᠳᠭᠠᠨ ᠥᠭᠬᠦ ᠲᠠᠯ᠎ᠠ ᠪᠠᠷ ᠠᠯᠢ ᠣᠯᠠᠨ ᠪᠦᠲᠦᠮᠵᠢᠲᠡᠢ ᠠᠵᠢᠯ ᠬᠢᠭᠰᠡᠨ ᠪᠠᠢᠵᠠᠢ᠃ 1986 ᠣᠨ ᠤ 12 ᠰᠠᠷ᠎ᠠ ᠶᠢᠨ 12 ᠤᠨ ᠡᠳᠦᠷ ᠯᠢᠨ ᠪᠢᠶᠣᠣ᠂ ᠵᠢᠶᠠᠩ ᠴᠢᠩ ᠦᠨ ᠪᠦᠯᠦᠭᠲᠡᠨ ᠢ ᠰᠢᠭᠦᠬᠦ ᠣᠨᠴᠠᠭᠠᠢ ᠬᠠᠤᠯᠢ ᠶᠢᠨ ᠲᠢᠩᠬᠢᠮ ᠳᠡᠭᠡᠷ᠎ᠡ ᠵᠠᠭᠠᠯᠳᠤᠭᠴᠢ ᠶᠢᠨ ᠬᠤᠪᠢ ᠪᠠᠷ ᠰᠢᠭᠦᠨ ᠲᠠᠰᠤᠯᠬᠤ ᠠᠵᠢᠯ ᠳᠤ ᠣᠷᠤᠯᠴᠠᠭᠰᠠᠨ ᠶᠤᠮ᠃ ᠴᠡᠷᠢᠭ ᠲᠡᠢᠨ ᠦ ᠪᠠᠢᠴᠠᠭᠠᠬᠤ ᠬᠣᠷᠢᠶᠠᠨ ᠳ᠋ᠤ᠌ ᠲᠤᠰᠢᠶᠠᠯ ᠬᠠᠷᠢᠭᠤᠴᠠᠨ ᠶᠠᠪᠤᠭ᠎ᠠ ᠬᠤᠭᠤᠴᠠᠭᠠᠨ ᠳᠠᠭᠠᠨ ᠵᠦᠢᠯ ᠵᠢᠰᠦᠮ ᠦᠨ ᠬᠡᠷᠡᠭ ᠵᠠᠷᠭᠤ ᠶᠢ ᠲᠤᠰᠤᠨ ᠠᠪᠴᠤ᠂ ᠬᠢᠨᠠᠮᠠᠭᠠᠢ ᠬᠠᠷᠢᠭᠤᠴᠠᠨ ᠢᠳᠡᠪᠬᠢᠲᠡᠢ ᠠᠵᠢᠯᠯᠠᠵᠤ ᠨᠡᠮᠡᠷᠢ ᠬᠠᠨᠳᠢᠪ ᠨᠡᠮᠡᠷᠢᠯᠡᠭᠰᠡᠨ ᠶᠤᠮ᠃ ᠴᠡᠷᠢᠭ ᠲᠡᠢᠨ ᠦ ᠰᠢᠭᠦᠬᠦ ᠬᠣᠷᠢᠶᠠᠨ ᠳᠤ ᠠᠵᠢᠯᠯᠠᠭᠰᠠᠨ ᠬᠤᠭᠤᠴᠠᠭᠠᠨ ᠳᠠᠭᠠᠨ ᠶᠡᠬᠡ ᠬᠡᠷᠡᠭ᠂ ᠴᠢᠬᠤᠯᠠ ᠬᠡᠷᠡᠭ ᠢ ᠰᠢᠭᠦᠨ ᠲᠠᠰᠤᠯᠬᠤ ᠪᠠ ᠠᠯᠠᠬᠤ ᠶᠠᠯᠠᠲᠠᠨ ᠤ ᠡᠷᠡᠭᠦᠦ ᠶᠢᠨ ᠬᠡᠷᠡᠭ ᠢ ᠬᠢᠨᠠᠨ ᠪᠠᠢᠴᠠᠭᠠᠬᠤ ᠵᠠᠩᠭᠢᠯᠠᠭ᠎ᠠ ᠶᠢᠨ ᠠᠵᠢᠯ ᠢ ᠵᠣᠬᠢᠶᠠᠨ ᠪᠠᠢᠭᠤᠯᠤᠨ ᠤᠳᠤᠷᠢᠳᠴᠤ᠂ 《ᠰᠣᠶᠤᠯ ᠤᠨ ᠶᠡᠬᠡ ᠬᠤᠪᠢᠰᠭᠠᠯ》 ᠳᠤᠮᠳᠠ ᠰᠢᠢᠳᠪᠦᠷᠢᠯᠡᠭᠰᠡᠨ ᠵᠦᠢᠯ ᠵᠢᠰᠦᠮ ᠦᠨ ᠬᠡᠷᠡᠭ ᠵᠠᠷᠭᠤ ᠪᠣᠯᠤᠨ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ ᠤ ᠳᠠᠷᠠᠭᠠᠬᠢ ᠣᠯᠠᠨ ᠵᠦᠢᠯ ᠦᠨ ᠬᠥᠳᠡᠯᠭᠡᠭᠡᠨ ᠳᠤᠮᠳᠠ ᠰᠢᠢᠳᠪᠦᠷᠢᠯᠡᠭᠰᠡᠨ ᠲᠡᠦᠬᠡ ᠶᠢᠨ ᠬᠠᠭᠤᠴᠢᠨ ᠬᠡᠷᠡᠭ ᠵᠠᠷᠭᠤ ᠶᠢ ᠳᠠᠬᠢᠨ ᠪᠠᠢᠴᠠᠭᠠᠭᠰᠠᠨ ᠶᠤᠮ᠃ ᠪᠠᠰᠠ ᠪᠦᠬᠦ ᠴᠡᠷᠢᠭ ᠦ᠋ᠨ ᠠᠩᠬᠠᠳᠤᠭᠠᠷ ᠲᠠᠪᠤᠨ ᠵᠢᠯ ᠦᠨ ᠬᠠᠤᠯᠢ ᠴᠠᠭᠠᠵᠠ ᠶᠢ ᠲᠦᠭᠡᠮᠡᠯᠵᠢᠭᠦᠯᠬᠦ ᠰᠤᠷᠭᠠᠨ ᠬᠥᠮᠦᠵᠢᠯ ᠦ᠋ᠨ ᠠᠵᠢᠯ ᠳᠤ ᠣᠷᠤᠯᠴᠠᠭᠰᠠᠨ ᠪᠠ ᠤᠳᠤᠷᠢᠳᠴᠠᠢ᠃ ᠴᠡᠷᠢᠭ ᠠᠩᠭᠢ ᠳᠤ ᠭᠦᠨᠵᠡᠭᠡᠢᠷᠡᠨ ᠪᠠᠢᠴᠠᠭᠠᠨ ᠰᠤᠳᠤᠯᠤᠯᠲᠠ ᠬᠢᠵᠦ᠂ ᠲᠤᠷᠰᠢᠯᠭ᠎ᠠ ᠪᠠᠨ ᠳ᠋ᠦᠩᠨᠡᠨ ᠪᠦᠬᠦ ᠴᠡᠷᠢᠭ ᠲᠦ᠍ ᠲᠦᠭᠡᠮᠡᠯᠵᠢᠭᠦᠯᠪᠡ᠃ ᠰᠢᠭᠦᠨ ᠲᠠᠰᠤᠯᠬᠤ ᠠᠵᠢᠯ ᠳᠤ ᠬᠢᠨᠠᠯᠲᠠ ᠲᠠᠯᠪᠢᠬᠤ ᠠᠵᠢᠯ ᠢ ᠴᠢᠩᠭᠠᠳᠭᠠᠬᠤ ᠪᠠᠷ 6 ᠲᠣᠮᠤ ᠴᠡᠷᠢᠭ ᠦᠨ ᠲᠣᠭᠤᠷᠢᠭ᠂ ᠳᠠᠯᠠᠢ ᠶᠢᠨ ᠴᠡᠷᠢᠭ᠂ ᠠᠭᠠᠷ ᠤᠨ ᠴᠡᠷᠢᠭ ᠦᠨ ᠰᠢᠭᠦᠬᠦ ᠬᠣᠷᠢᠶᠠᠨ ᠳ᠋ᠤ᠌ ᠤᠵᠢᠵᠤ ᠶᠡᠬᠡ ᠬᠡᠷᠡᠭ ᠴᠢᠬᠤᠯᠠ ᠬᠡᠷᠡᠭ ᠵᠠᠷᠭᠤ ᠶᠢ ᠰᠢᠭᠦᠨ ᠲᠠᠰᠤᠯᠬᠤ ᠠᠵᠢᠯ ᠳᠤ ᠬᠠᠪᠰᠤᠷᠤᠨ ᠰᠤᠳᠤᠯᠭᠠᠨ ᠬᠢᠵᠦ ᠲᠦᠪᠡᠭ ᠪᠤᠳᠤᠯᠢᠶᠠᠨ ᠲᠠᠢ ᠰᠡᠵᠢᠭ ᠠᠵᠢᠭ ᠲᠠᠢ ᠬᠦᠴᠢᠷᠲᠡᠢ ᠬᠡᠷᠡᠭ ᠵᠠᠷᠭᠤ ᠶᠢ ᠬᠠᠪᠰᠤᠷᠤᠨ ᠰᠢᠢᠳᠪᠦᠷᠢᠯᠡᠵᠦ ᠥᠭᠪᠡ᠃ 1988 ᠣᠨ ᠤ 1 ᠰᠠᠷ᠎ᠠ ᠠᠴᠠ ᠡᠬᠢᠯᠡᠨ ᠲᠥᠪ ᠦ᠋ᠨ ᠴᠡᠷᠢᠭ ᠦᠨ ᠬᠣᠷᠢᠶᠠᠨ ᠤ᠋ ᠬᠠᠤᠯᠢ ᠶᠢᠨ ᠲᠣᠪᠴᠢᠶ᠎ᠠ ᠶᠢ ᠪᠠᠢᠭᠤᠯᠬᠤ ᠪᠡᠯᠡᠳᠭᠡᠯ ᠠᠵᠢᠯ ᠢ ᠬᠠᠷᠢᠭᠤᠴᠠᠨ ᠬᠢᠵᠦ ᠲᠤᠰ ᠵᠢᠯ ᠦᠨ 7 ᠰᠠᠷ᠎ᠠ ᠶᠢᠨ l ᠤ ᠡᠳᠦᠷ ᠲᠣᠪᠴᠢᠶᠠᠨ ᠳᠠᠷᠤᠭ᠎ᠠ ᠪᠠᠷ ᠲᠣᠮᠢᠯᠠᠭᠳᠠᠵᠠᠢ᠃ ᠲᠤᠰ ᠵᠢᠯ ᠦᠨ 9 ᠰᠠᠷ᠎ᠠ ᠳᠤ ᠬᠣᠰᠢᠭᠤᠴᠢ ᠭᠧᠨᠧᠷᠡᠯ ᠦ᠋ᠨ ᠴᠡᠷᠢᠭ ᠦᠨ ᠴᠣᠯᠠ ᠳᠤ ᠳᠠᠪᠰᠢᠪᠠ᠃ ᠬᠠᠤᠯᠢ ᠶᠢᠨ ᠲᠣᠪᠴᠢᠶᠠᠨ ᠳᠤ ᠠᠵᠢᠯᠯᠠᠵᠤ ᠪᠠᠢᠭ᠎ᠠ ᠬᠤᠭᠤᠴᠠᠭᠠᠨ ᠳᠠᠭᠠᠨ 《ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠵᠢᠩᠬᠢᠨᠢ ᠴᠡᠷᠢᠭ ᠦ᠋ᠨ ᠨᠣᠶᠠᠨ ᠤ ᠠᠯᠪᠠ ᠬᠠᠭᠠᠬᠤ ᠵᠤᠷᠪᠤᠰ》᠂ 《ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠵᠢᠩᠬᠢᠨᠢ ᠴᠡᠷᠢᠭ ᠦᠨ ᠪᠠᠢᠯᠳᠤᠭᠴᠢ ᠶᠢᠨ ᠠᠯᠪᠠ ᠬᠠᠭᠠᠬᠤ ᠵᠤᠷᠪᠤᠰ》 ᠵᠡᠷᠭᠡ ᠠᠷᠪᠠᠨ ᠵᠦᠢᠯ ᠦᠨ ᠴᠡᠷᠢᠭ ᠦᠨ ᠶᠠᠪᠤᠳᠠᠯ ᠤᠨ ᠬᠠᠤᠯᠢ ᠴᠠᠭᠠᠵᠠ ᠬᠠᠤᠯᠢ ᠳᠦᠷᠢᠮ ᠢ᠋ ᠲᠣᠭᠲᠠᠭᠠᠬᠤ ᠠᠵᠢᠯ ᠳᠤ ᠣᠷᠤᠯᠴᠠᠭᠰᠠᠨ ᠪᠠ ᠲᠡᠭᠦᠨ ᠢ ᠤᠳᠤᠷᠢᠳᠴᠤ ᠳᠣᠲᠤᠭᠠᠳᠤ ᠶᠠᠪᠤᠳᠠᠯ᠂ ᠰᠠᠬᠢᠯᠭ᠎ᠠ ᠪᠠᠲᠤ ᠠᠩᠭᠢ ᠶᠢᠨ ᠡᠩᠨᠡᠭᠡ ᠶᠢᠨ ᠵᠤᠷᠪᠤᠰ ᠬᠠᠤᠯᠢ᠂ ᠴᠡᠷᠢᠭ ᠲᠡᠢᠨ ᠦ ᠰᠤᠷᠭᠠᠭᠤᠯᠢᠯᠠᠯ ᠪᠣᠯᠪᠠᠰᠤᠷᠠᠯ ᠤᠨ ᠵᠤᠷᠪᠤᠰ ᠵᠡᠷᠭᠡ ᠬᠡᠳᠦᠨ ᠠᠷᠪᠠᠨ ᠵᠦᠢᠯ ᠦᠨ ᠴᠡᠷᠢᠭ ᠲᠡᠢᠨ ᠦ ᠬᠠᠤᠯᠢ ᠳᠦᠷᠢᠮ ᠪᠣᠯᠤᠨ ᠳᠦᠷᠢᠮ ᠲᠣᠭᠲᠠᠭᠠᠯ ᠢ ᠵᠠᠰᠠᠨ ᠬᠢᠨᠠᠵᠤ ᠨᠠᠢᠷᠠᠭᠤᠯᠵᠤ ᠵᠣᠬᠢᠶᠠᠭᠰᠠᠨ ᠶᠤᠮ᠃ ᠬᠠᠮᠤᠭ ᠲᠦᠷᠦᠭᠦᠨ ᠦ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠴᠡᠷᠢᠭ ᠲᠡᠢᠨ ᠦ ᠬᠠᠤᠯᠢ ᠳᠦᠷᠢᠮ ᠦ᠋ᠨ ᠡᠮᠬᠢᠳᠭᠡᠯ》 ᠢ ᠵᠣᠬᠢᠶᠠᠨ ᠪᠠᠢᠭᠤᠯᠤᠭᠰᠠᠨ ᠪᠠ ᠨᠠᠢᠷᠠᠭᠤᠯᠤᠨ ᠪᠢᠴᠢᠵᠡᠢ᠃ ᠲᠡᠭᠦᠨ ᠦ ᠬᠤᠪᠢ ᠬᠥᠮᠦᠨ ᠦ᠌ ᠲᠤᠰᠭᠠᠢ ᠵᠣᠬᠢᠶᠠᠯ ᠪᠦᠲᠦᠭᠡᠯ ᠨᠢ 《ᠣᠨᠴᠠ ᠰᠢᠭᠦᠯᠲᠡ ᠶᠢᠨ ᠮᠠᠭᠠᠳ ᠲᠡᠮᠳᠡᠭᠯᠡᠯ》᠂ 《ᠰᠡᠯᠡᠮ᠎ᠡ ᠪᠠᠮᠪᠠᠢ ᠶᠢᠨ ᠬᠠᠪᠤᠷ ᠨᠠᠮᠤᠷ —— ᠪᠦᠭᠦᠳᠡ ᠨᠠᠢᠷᠠᠮᠳᠠᠬᠤ ᠤᠯᠤᠰ ᠤᠨ ᠬᠦᠨᠳᠦ ᠴᠢᠬᠤᠯᠠ ᠬᠡᠷᠡᠭ ᠤᠴᠢᠷ ᠢ ᠪᠡᠶ᠎ᠡ ᠪᠡᠷ ᠥᠩᠭᠡᠷᠡᠭᠰᠡᠨ ᠲᠡᠮᠳᠡᠭᠯᠡᠯ》 ᠵᠡᠷᠭᠡ ᠪᠣᠢ᠃ ᠪᠤᠰᠤᠳ ᠬᠥᠮᠦᠨ  ᠯᠦᠭᠡ ᠬᠠᠮᠲᠤᠷᠠᠨ ᠪᠢᠴᠢᠭᠰᠡᠨ ᠵᠣᠬᠢᠶᠠᠯ ᠨᠢ᠂ 《ᠪᠦᠭᠦᠳᠡ ᠨᠠᠢᠷᠠᠮᠳᠠᠬᠤ ᠤᠯᠤᠰ ᠤᠨ ᠬᠠᠮᠤᠭ ᠤᠨ ᠲᠣᠮᠤ ᠬᠢᠯᠢᠰ ᠬᠡᠷᠡᠭ》᠂ 《ᠳᠡᠯᠡᠬᠡᠢ ᠶᠢ ᠳᠣᠩᠰᠤᠯᠭᠠᠭᠰᠠᠨ 77 ᠬᠣᠨᠤᠭ ᠡᠳᠦᠷ》᠂ 《ᠺᠠᠩ ᠱᠧᠩ ᠪᠣᠯᠤᠨ︿ᠥᠪᠦᠷ ᠮᠣᠩᠭᠤᠯ ᠤ᠋ᠨ ᠠᠷᠠᠳ ᠤᠨ ᠬᠤᠪᠢᠰᠭᠠᠯᠲᠤ ᠨᠠᠮ﹀ ᠤᠨ ᠬᠢᠯᠢᠰ ᠬᠡᠷᠡᠭ》 ᠵᠡᠷᠭᠡ ᠪᠣᠢ᠃ ᠡᠭᠦᠨ ᠡᠴᠡ ᠭᠠᠳᠠᠨ᠎ᠠ ᠪᠠᠰᠠ 150 ᠭᠠᠷᠤᠶ ᠲᠦᠮᠡᠨ ᠦᠰᠦᠭ ᠦ᠋ᠨ ᠬᠡᠳᠦᠨ ᠠᠷᠪᠠᠨ ᠬᠠᠭᠤᠳᠠᠰᠤ ᠴᠡᠷᠢᠭ ᠲᠡᠢᠨ ᠦ ᠬᠠᠤᠯᠢ ᠶᠢᠨ ᠤᠬᠠᠭᠠᠨ ᠤ ᠲᠠᠯ᠎ᠠ ᠪᠠᠷ ᠬᠢ ᠵᠣᠬᠢᠶᠠᠯ ᠨᠡᠢᠲᠡᠯᠡᠵᠡᠢ᠃ l999 ᠣᠨ ᠤ 3 ᠰᠠᠷ᠎ᠠ ᠳᠤ᠂ ᠳᠡᠯᠡᠬᠡᠢ ᠶᠢᠨ ᠰᠣᠶᠤᠯ ᠤᠨ ᠨᠡᠷᠡᠲᠦ ᠬᠥᠮᠦᠰ ᠦ᠋ᠨ ᠪᠦᠲᠦᠭᠡᠯ ᠦᠨ ᠠᠯᠲᠠᠨ ᠬᠥᠷᠦᠭ ᠦ᠋ᠨ ᠱᠠᠩᠨᠠᠯ ᠤᠨ ᠵᠥᠪᠯᠡᠯ᠂ ᠳᠤᠮᠳᠠᠳᠤ ᠤᠯᠤᠰ ᠤᠨ ᠣᠯᠠᠨ ᠤᠯᠤᠰ ᠤᠨ ᠨᠠᠷᠠᠲᠤ ᠬᠥᠮᠦᠰ ᠦ᠋ᠨ ᠬᠦᠷᠢᠶᠡᠯᠡᠩ ᠦᠨ ᠬᠢᠨᠠᠨ ᠪᠠᠢᠴᠠᠭᠠᠬᠤ ᠵᠥᠪᠯᠡᠯ ᠵᠡᠷᠭᠡ 4 ᠨᠢᠭᠡᠴᠡ ᠡᠵᠡ ᠣᠯᠭᠤᠭᠰᠠᠨ 《ᠳᠡᠯᠡᠬᠡᠢ ᠶᠢᠨ ᠰᠣᠶᠤᠯ ᠤᠨ ᠨᠠᠷᠠᠲᠤ ᠬᠥᠮᠦᠰ ᠦ᠋ᠨ ᠦᠷ᠎ᠡ ᠪᠦᠲᠦᠭᠡᠯ ᠦᠨ ᠱᠠᠩᠨᠠᠯ》 ᠠᠴᠠ ᠭᠠᠷᠳᠠᠵᠠᠢ᠃ 1982 ᠣᠨ ᠤ 7 ᠰᠠᠷ᠎ᠠ ᠠᠴᠠ 1996 ᠣᠨ ᠪᠣᠯᠲᠠᠯ᠎ᠠ ᠳᠤᠮᠳᠠᠳᠤ ᠤᠯᠤᠰ ᠤᠨ ᠬᠠᠤᠯᠢ ᠴᠠᠭᠠᠵᠠ ᠶᠢᠨ ᠨᠡᠢᠭᠡᠮᠯᠢᠭ ᠦᠨ ᠬᠡᠷᠡᠭ ᠡᠷᠬᠢᠯᠡᠭᠴᠢ ᠪᠣᠯᠵᠤ᠂ 1990 ᠣᠨ ᠤ 2 ᠰᠠᠷ᠎ᠠ ᠠᠴᠠ 1999 ᠣᠨ ᠤ 1 ᠰᠠᠷ᠎ᠠ ᠪᠣᠯᠲᠠᠯ᠎ᠠ ᠪᠡᠭᠡᠵᠢᠩ ᠬᠣᠲᠠ ᠶᠢᠨ ᠴᠡᠷᠢᠭ ᠲᠡᠢᠨ ᠦ ᠬᠠᠤᠯᠢ ᠴᠠᠭᠠᠵᠠ ᠶᠢᠨ ᠤᠬᠠᠭᠠᠨ ᠤ ᠨᠡᠢᠭᠡᠮᠯᠢᠭ ᠦᠨ ᠳᠠᠷᠤᠭ᠎ᠠ ᠪᠣᠯᠵᠤ᠂ 1991 ᠣᠨ ᠤ 5 ᠰᠠᠷ᠎ᠠ ᠠᠴᠠ ᠡᠳᠦᠭᠡ ᠪᠣᠯᠲᠠᠯ᠎ᠠ ᠪᠡᠭᠡᠵᠢᠩ ᠬᠣᠲᠠ ᠶᠢᠨ ᠬᠠᠤᠯᠢ ᠴᠠᠭᠠᠵᠠ ᠶᠢᠨ ᠤᠬᠠᠭᠠᠨ ᠤ ᠨᠡᠢᠭᠡᠮᠯᠢᠭ ᠦᠨ ᠳᠡᠳ᠋ ᠳᠠᠷᠤᠭ᠎ᠠ ᠪᠣᠯᠵᠤ᠂ 1991 ᠣᠨ ᠤ 1 ᠰᠠᠷ᠎ᠠ ᠠᠴᠠ ᠣᠳᠣ ᠪᠣᠯᠲᠠᠯ᠎ᠠ ᠪᠡᠭᠡᠵᠢᠩ ᠬᠣᠲᠠ ᠶᠢᠨ ᠴᠡᠷᠢᠭ ᠲᠡᠢᠨ ᠦ ᠬᠠᠤᠯᠢ ᠴᠠᠭᠠᠵᠠ ᠶᠢᠨ ᠤᠬᠠᠭᠠᠨ ᠤ ᠨᠡᠢᠭᠡᠮᠯᠢᠭ ᠦᠨ ᠨᠡᠷ᠎ᠡ ᠬᠦᠨᠳᠦᠲᠦ ᠨᠡᠢᠭᠡᠮᠯᠢᠭ ᠦᠨ ᠳᠠᠷᠤᠭ᠎ᠠ ᠪᠣᠯᠵᠠᠢ᠃