ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠣᠪᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠣᠪᠠ ︵ ︖ ——1306︶ ᠶᠤᠸᠠᠨ ᠤᠯᠤᠰ ᠤᠨ ᠤᠷᠪᠠᠭᠰᠠᠨ ᠸᠠᠩ᠂ ᠪᠠᠯᠠ ᠶᠢᠨ ᠬᠥᠪᠡᠭᠦᠨ᠃ ᡁᠢ ᠶᠤᠸᠠᠨ ᠤ ᠶᠢᠰᠦᠳᠦᠭᠡᠷ ᠣᠨ ︵ 1272︶ ᠳᠤ ᠬᠠᠢᠳᠤ ᠲᠣᠪᠠ ᠶᠢ ᠡᠷᠭᠦᠵᠦ ᠴᠠᠭᠠᠳᠠᠢ ᠬᠠᠭᠠᠨᠲᠤ ᠤᠯᠤᠰ ᠤᠨ ᠬᠠᠨ ᠰᠠᠭᠤᠷᠢᠨ᠎ᠠ ᠰᠠᠭᠤᠯᠭᠠᠵᠠᠢ᠃ ᠠᠷᠪᠠᠨ ᠬᠣᠶᠠᠳᠤᠭᠠᠷ ᠣᠨ ︵ 1275︶ ᠳᠤ ᠲᠣᠪᠠ᠂ ᠪᠣᠰᠪᠠ ᠨᠠᠷ 12 ᠲᠦᠮᠡᠨ ᠬᠤᠶᠠᠭ ᠴᠡᠷᠢᠭ ᠳᠠᠭᠠᠭᠤᠯᠤᠨ ᠾᠦᠢᠧᠸ ᠵᠧᠦ︵ᠣᠳᠣ ᠶ᠋ᠢᠨ ᠲᠦᠷᠫᠡᠨ ᠦ ᠭᠣᠣᠴᠠᠩ᠂ ᠡᠷᠲᠡᠨ ᠦ ᠬᠣᠲᠠ ︶ ᠶᠢ ᠪᠦᠰᠡᠯᠡᠨ ᠴᠣᠬᠢᠭᠠᠳ ᠤᠢᠭᠤᠷ ᠤᠨ ᠢᠳᠡᠭᠦᠳ ᠨᠣᠶᠠᠨ ᠣᠴᠢ ᠬᠠᠷᠠᠳᠠᠬᠢᠨ ᠢ ᠰᠢᠬᠠᠮᠳᠠᠭᠤᠯᠵᠤ ᠪᠠᠢᠭᠠᠳ ᠬᠡᠦᠬᠡᠨ ᠢ ᠨᠢ ᠲᠣᠪᠠ ᠭᠡᠷᠭᠡᠢ ᠪᠡᠨ ᠪᠣᠯᠭᠠᠪᠠ᠃ ᠬᠣᠷᠢᠨ ᠭᠤᠷᠪᠠᠳᠤᠭᠠᠷ ᠣᠨ ︵ 1286︶ ᠳᠤ ᠲᠣᠪᠠ᠂ ᠬᠠᠢᠳᠤ ᠶ᠋ᠢᠨ ᠬᠣᠯᠪᠤᠭᠠᠲᠤ ᠴᠡᠷᠢᠭ ᠪᠢᠱᠪᠠᠯᠠᠭ ᠢ ᠲᠦᠷᠢᠮᠡᠭᠡᠢᠯᠡᠨ ᠲᠦᠢᠪᠡᠭᠡᠪᠡ᠃ ᠳ᠋ᠡ ᠳ᠋ᠧ ᠶ᠋ᠢᠨ ᠬᠣᠶᠠᠳᠤᠭᠠᠷ ᠣᠨ ︵ 1298︶ ᠤ ᠳᠠᠷᠠᠭ᠎ᠠ ᠲᠣᠪᠠ ᠠᠯᠲᠠᠢ ᠨᠢᠷᠤᠭᠤ ᠶᠢ ᠭᠤᠷᠪᠠᠨᠲᠠ ᠳᠠᠪᠠᠵᠤ ᠲᠣᠭᠲᠠᠬᠤ ᠶᠢᠨ ᠬᠥᠪᠡᠭᠦᠨ᠂ ᠴᠦᠮᠭᠦᠷ ᠪᠣᠯᠤᠨ ᠬᠠᠢᠰᠠᠩ ᠯᠤᠭ᠎ᠠ ᠲᠤᠯᠤᠯᠳᠤᠭᠠᠳ ᠪᠦᠷ ᠳᠡᠢᠯᠦᠭᠳᠡᠭᠡᠳ ᠳ᠋ᠡ ᠳ᠋ᠧ ᠶ᠋ᠢᠨ ᠳᠣᠯᠤᠳᠤᠭᠠᠷ ᠣᠨ ︵ 1303︶ ᠳᠤ ᠪᠠᠭᠤᠵᠤ ᠥᠭᠴᠡᠢ᠃ ᠲᠣᠪᠠ ᠰᠠᠭᠤᠷᠢᠨ ᠳᠤᠷ ᠰᠠᠭᠤᠭᠰᠠᠨ ᠬᠤᠭᠤᠴᠠᠭᠠᠨ ᠳᠠᠭᠠᠨ ᠢᠯ ᠬᠠᠭᠠᠨᠲᠤ ᠤᠯᠤᠰ ᠤᠨ ᠭᠠᠽᠠᠨ ᠢ ᠡᠵᠡᠯᠡᠵᠦ ᠲᠡᠭᠦᠨ ᠢᠶᠡᠷ ᠰᠠᠭᠤᠷᠢᠨ ᠭᠠᠵᠠᠷ ᠪᠣᠯᠭᠠᠵᠤ᠂ ᠬᠡᠳᠦᠨ ᠤᠳᠠᠭ᠎ᠠ ᠡᠨᠡᠳᠬᠡᠭ ᠢ ᠳᠠᠢᠯᠠᠵᠤ᠂ ᠳ᠋ᠠ ᠳ᠋ᠧ ᠶ᠋ᠢᠨ ᠲᠠᠪᠤᠳᠤᠭᠠᠷ ᠣᠨ ︵1301 ︶ ᠳᠤ ᠡᠨᠡᠳᠬᠡᠭ ᠡᠴᠡ ᠴᠡᠷᠢᠭ ᠢᠶᠡᠨ ᠲᠠᠲᠠᠵᠠᠢ᠃