ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠣᠳᠠᠪᠤᠬ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠣᠳᠠᠪᠤᠬ᠎ᠠ ︵︖~ 4452︶ ᠲᠠᠢᠽᠦ᠋ᠩ ᠬᠠᠭᠠᠨ ᠮᠥᠨ᠃ ᠬᠤᠪᠢᠯᠠᠢ ᠬᠠᠭᠠᠨ ᠤ ᠬᠣᠢᠴᠢᠰ ᠪᠤᠯᠠᠢ᠃ ᠭᠠᠨᠰᠦ ᠶᠢᠨ ᠬᠠᠪᠢ ᠪᠠᠷ ᠨᠤᠲᠤᠭᠰᠢᠵᠤ ᠪᠠᠢᠵᠠᠢ᠃ 15 ᠳ᠋ᠤᠭᠠᠷ ᠵᠠᠭᠤᠨ ᠤ ᠬᠣᠷᠢᠭᠠᠳ ᠣᠨ ᠤ ᠦᠶ᠎ᠡ᠂ ᠡᠳᠦᠷ ᠢᠷᠡᠬᠦᠶ᠎ᠡ ᠬᠦᠴᠦᠷᠬᠡᠭᠵᠢᠨ ᠮᠠᠨᠳᠤᠭᠰᠠᠨ ᠮᠣᠩᠭᠤᠯ ᠤ᠋ᠨ ᠣᠢᠷᠠᠳ ᠠᠢᠮᠠᠭ ᠢ ᠲᠦᠰᠢᠪᠡ᠃ ᠠᠲᠠᠢ ᠬᠠᠭᠠᠨ ᠤ ᠠᠷᠪᠠᠨ ᠭᠤᠷᠪᠠᠳᠤᠭᠠᠷ ᠣᠨ ︵ 1438 ︶ ᠳᠤ ᠣᠢᠷᠠᠳ ᠠᠢᠮᠠᠭ ᠤᠨ ᠲᠦᠷᠦᠭᠦᠦ ᠲᠣᠭᠤᠨ ᠪᠣᠯᠤᠨ ᠲᠣᠳᠠᠪᠤᠬ᠎ᠠ ᠶᠢᠨ ᠬᠣᠯᠪᠤᠭᠠᠲᠤ ᠴᠡᠷᠢᠭ ᠠᠲᠠᠢ ᠬᠠᠭᠠᠨ ᠪᠣᠯᠤᠨ ᠲᠡᠭᠦᠨ ᠦ ᠴᠢᠩᠰᠠᠩ ᠳᠣᠷᠵᠢᠪᠠᠢ ᠶᠢ ᠪᠠᠷᠢᠪᠴᠢᠯᠠᠨ ᠠᠯᠠᠵᠠᠢ᠃ ᠲᠡᠭᠡᠭᠡᠳ ᠲᠣᠭᠤᠨ ᠥᠪᠡᠷ ᠢ᠋ ᠪᠡᠨ ᠮᠣᠩᠭᠤᠯ ᠤ᠋ᠨ ᠶᠡᠬᠡ ᠬᠠᠭᠠᠨ ᠬᠡᠮᠡᠨ ᠲᠤᠩᠬᠠᠭᠯᠠᠪᠠ᠃ ᠭᠡᠪᠡᠴᠦ ᠲᠡᠭᠦᠨ ᠦ ᠬᠡᠷ ᠦᠨ ᠭᠠᠷᠤᠯ ᠨᠢ ᠮᠣᠩᠭᠤᠯ ᠤ᠋ᠨ ᠠᠯᠲᠠᠨ ᠤᠷᠤᠭᠲᠠᠨ ᠤ᠋ ᠤᠳᠤᠮ ᠤᠭᠰᠠᠭ᠎ᠠ ᠪᠢᠰᠢ ᠪᠣᠯᠬᠣᠷ ᠵᠢᠩᠬᠢᠨᠢ ᠤᠳᠤᠮ ᠤᠨ ᠮᠣᠩᠭᠤᠯ ᠤ᠋ᠨ ᠹᠧᠣᠳᠠᠯ ᠡᠵᠡᠳ ᠦᠨ ᠴᠢᠩᠭ᠎ᠠ ᠪᠤᠷᠤᠭᠤᠰᠢᠶᠠᠯ ᠳᠤ ᠤᠴᠠᠷᠠᠪᠠ᠃ ᠵᠥᠷᠢᠴᠡᠯ ᠲᠡᠮᠡᠴᠡᠯᠳᠦᠭᠡᠨ ᠢ ᠨᠠᠮᠤᠭᠤᠳᠭᠠᠬᠤ ᠶ᠋ᠢᠨ ᠲᠥᠯᠦᠭᠡ ᠲᠣᠭᠤᠨ ᠠᠷᠭ᠎ᠠ ᠪᠤᠰᠤ ᠲᠣᠳᠠᠪᠤᠬ᠎ᠠ ᠶᠢ ᠳᠠᠶᠠᠭᠠᠷ ᠮᠣᠩᠭᠤᠯ ᠤ᠋ᠨ ᠶᠡᠬᠡ ᠬᠠᠭᠠᠨ ᠢᠶᠠᠷ ᠡᠷᠭᠦᠮᠵᠢᠯᠡᠭᠡᠳ ᠲᠠᠢᠽᠦ᠋ᠩ ᠬᠡᠮᠡᠨ ᠴᠣᠯᠠᠯᠠᠵᠤ ᠥᠪᠡᠷᠲᠡᠭᠡᠨ ᠴᠡᠷᠢᠭ ᠵᠠᠰᠠᠭ ᠤᠨ ᠶᠡᠬᠡ ᠡᠷᠬᠡ ᠶᠢ ᠰᠢᠭᠦᠷᠡᠭᠰᠡᠨ ᠲᠠᠢᠱ᠌ᠢ ᠪᠣᠯᠵᠠᠢ᠃ ᠲᠣᠭᠤᠨ ᠨᠠᠰᠤ ᠨᠥᠭᠴᠢᠭᠰᠡᠨ ᠦ᠌ ᠳᠠᠷᠠᠭ᠎ᠠ ᠲᠡᠭᠦᠨ ᠦ ᠬᠥᠪᠡᠭᠦᠨ ᠡᠰᠡᠨ ᠲᠠᠢᠱ᠌ᠢ ᠲᠤᠰᠢᠶᠠᠯ ᠢ ᠨᠢ ᠵᠠᠯᠭᠠᠮᠵᠢᠯᠠᠵᠠᠢ᠃ ᠤᠤᠯ ᠳᠠᠭᠠᠨ ᠠᠷᠤᠭᠲᠠᠢ ᠪᠣᠯᠤᠨ ᠠᠲᠠᠢ ᠬᠠᠭᠠᠨ ᠤ ᠡᠵᠡᠮᠰᠢᠯ ᠳᠣᠣᠷ᠎ᠠ ᠪᠠᠢᠭᠰᠠᠨ ᠶᠡᠬᠡ ᠬᠢᠩᠭᠠᠨ ᠳᠠᠪᠠᠭ᠎ᠠ ᠠᠴᠠ ᠪᠠᠷᠠᠭᠤᠨᠰᠢᠬᠢ ᠣᠯᠠᠨ ᠠᠢᠮᠠᠭ ᠪᠣᠯᠤᠨ ᠳᠠᠪᠠᠭ᠎ᠠ ᠶᠢᠨ ᠵᠡᠭᠦᠨᠲᠡᠢ ᠶᠢᠨ ᠤᠷᠢᠶᠠᠩᠬᠠᠢ ᠶᠢᠨ ᠨᠤᠲᠤᠭ ᠤᠨ ᠮᠣᠩᠭᠤᠯ ᠤ᠋ᠨ ᠡᠯ᠎ᠡ ᠠᠢᠮᠠᠭ ᠢ ᠡᠰᠡᠨ᠂ ᠲᠣᠳᠠᠪᠤᠬ᠎ᠠ ᠶᠢᠨ ᠰᠢᠭᠤᠳ ᠨᠣᠶᠠᠷᠬᠠᠯ ᠳᠣᠣᠷ᠎ᠠ ᠣᠷᠤᠭᠤᠯᠵᠤ᠂ ᠥᠪᠡᠷᠲᠡᠭᠡᠨ 4 ᠣᠢᠷᠠᠳ ᠢ ᠨᠡᠢᠭᠡᠮᠯᠡᠨ ᠵᠠᠬᠢᠷᠴᠤ ᠲᠣᠳᠠᠪᠤᠬ᠎ᠠ ᠶᠢᠨ ᠳᠡᠭᠦᠦ ᠠᠭᠪᠠᠷᠵᠢ ᠶᠢ ᠴᠢᠨᠡᠭᠡ ᠪᠡᠷ ᠢᠶᠡᠨ ᠳᠠᠮᠵᠢᠵᠤ ᠪᠠᠷᠠᠭᠤᠨ ᠭᠠᠷᠤᠨ ᠮᠣᠩᠭᠤᠯᠴᠤᠳ ᠢ᠋ ᠵᠠᠬᠢᠷᠤᠭᠤᠯᠵᠠᠢ᠃ ᠲᠣᠳᠠᠪᠤᠬ᠎ᠠ ᠤᠷᠢᠶᠠᠩᠬᠠᠢ ᠶᠢᠨ ᠣᠯᠠᠨ ᠠᠢᠮᠠᠭ ᠢ ᠥᠪᠡᠷ ᠦ᠋ᠨ ᠪᠡᠶ᠎ᠡ ᠪᠡᠷ ᠨᠡᠢᠭᠡᠮᠯᠡᠨ ᠵᠠᠬᠢᠷᠤᠭᠰᠠᠨ ᠤ ᠳᠠᠷᠠᠭ᠎ᠠ ᠵᠡᠭᠦᠨ ᠲᠠᠯ᠎ᠠ ᠶᠢᠨ ᠯᠢᠶᠣᠣᠳᠦ᠋ᠩ ᠡᠴᠡ ᠡᠬᠢᠯᠡᠨ ᠪᠠᠷᠠᠭᠤᠨᠰᠢ ᠥᠷᠦᠭᠡᠰᠦᠨ ᠴᠢᠯᠠᠭᠤᠨ ᠬᠠᠭᠠᠯᠭ᠎ᠠ ᠬᠦᠷᠲᠡᠯ᠎ᠡ ᠮᠢᠩ ᠤᠯᠤᠰ ᠤᠨ ᠬᠢᠯᠢ ᠶᠢᠨ ᠭᠠᠳᠠᠨᠠᠬᠢ ᠣᠷᠤᠨ ᠨᠤᠲᠤᠭ ᠢ ᠲᠠᠰᠤᠷᠠᠯᠲᠠ ᠦᠭᠡᠢ ᠳᠠᠭᠠᠷᠢᠨ ᠳᠣᠪᠲᠤᠯᠵᠠᠢ᠃ ᠲᠣᠳᠠᠪᠤᠬ᠎ᠠ ᠪᠣᠯᠤᠨ ᠡᠰᠡᠨ ᠦ ᠣᠯᠠᠨ ᠵᠢᠯ ᠦᠨ ᠡᠵᠡᠩᠨᠡᠯᠲᠡ ᠪᠡᠷ ᠳᠠᠮᠵᠢᠨ ᠵᠡᠭᠦᠨ ᠲᠠᠯ᠎ᠠ ᠶᠢᠨ ᠵᠦᠷᠴᠢᠨ ᠡᠴᠡ ᠡᠬᠢᠯᠡᠨ ᠪᠠᠷᠠᠭᠤᠨᠰᠢ ᠬᠠᠮᠢᠯ ᠵᠢᠴᠢ ᠲᠡᠭᠦᠨ ᠡᠴᠡ ᠪᠠᠷᠠᠭᠤᠨᠰᠢ᠂ ᠬᠣᠢᠰᠢ ᠶᠧᠨᠢᠰᠰᠠᠶ ᠮᠥᠷᠡᠨ ᠦ᠌ ᠳᠡᠭᠡᠳᠦ ᠤᠷᠤᠰᠭᠠᠯ ᠳᠤ ᠬᠦᠷᠲᠡᠯ᠎ᠡ᠂ ᠡᠮᠦᠨᠡᠰᠢ ᠤᠷᠲᠤ ᠴᠠᠭᠠᠨ ᠬᠡᠷᠡᠮ ᠬᠦᠷᠲᠡᠯᠡᠬᠢ ᠥᠷᠭᠡᠨ ᠠᠭᠤᠳᠠᠮ ᠭᠠᠵᠠᠷ ᠨᠤᠲᠤᠭ ᠢ ᠪᠦᠷᠢᠮᠦᠰᠦᠨ ᠡᠷᠬᠡᠰᠢᠶᠡᠯ ᠳᠡᠭᠡᠨ ᠣᠷᠤᠭᠤᠯᠵᠠᠢ᠃ ᠲᠤᠬᠠᠶ ᠤ᠋ᠨ ᠦᠶ᠎ᠡ ᠳᠦ ᠤᠮᠠᠷᠠᠳᠤ ᠶᠤᠸᠠᠨ ᠤᠯᠤᠰ ᠪᠣᠯᠤᠨ ᠮᠢᠩ ᠤᠯᠤᠰ ᠤᠨ ᠬᠣᠭᠤᠷᠤᠨᠳᠤᠬᠢ ᠨᠥᠬᠦᠷᠰᠡᠭ ᠬᠠᠷᠢᠴᠠᠭ᠎ᠠ ᠪᠠ ᠠᠷᠠᠯᠵᠢᠶ᠎ᠠ ᠨᠡᠪᠲᠡᠷᠡᠬᠦ ᠬᠠᠷᠢᠴᠠᠭ᠎ᠠ ᠤᠷᠢᠳ ᠡᠮᠦᠨ᠎ᠡ ᠭᠠᠷᠤᠭ᠎ᠠ ᠦᠭᠡᠢ ᠰᠠᠢᠨ ᠰᠠᠢᠬᠠᠨ ᠪᠠᠢᠳᠠᠯ ᠲᠠᠢ ᠪᠠᠢᠵᠠᠢ᠃ ᠭᠡᠪᠡᠴᠦ ᠮᠢᠩ ᠤᠯᠤᠰ ᠮᠣᠩᠭᠤᠯ ᠤ᠋ᠨ ᠬᠥᠭᠵᠢᠯ ᠢ᠋ ᠬᠢᠵᠠᠭᠠᠷᠯᠠᠬᠤ ᠪᠠᠷ ᠡᠯᠴᠢᠨ ᠦ ᠲᠣᠭ᠎ᠠ ᠪᠠ ᠠᠷᠠᠯᠵᠢᠶᠠᠯᠠᠬᠤ ᠬᠦᠷᠢᠶ᠎ᠡ ᠬᠡᠪᠴᠢᠶ᠎ᠡ ᠪᠡᠨ ᠪᠠᠭᠠᠰᠭᠠᠬᠤ ᠬᠡᠷᠡᠭᠲᠡᠢ ᠭᠡᠵᠦ ᠡᠰᠡᠨ ᠢ ᠱᠠᠭᠠᠷᠳᠠᠵᠠᠢ᠃ ᠡᠲᠡᠭᠡᠷ ᠬᠢᠵᠠᠭᠠᠷᠯᠠᠯ ᠪᠠ ᠬᠣᠷᠢᠭ᠎ᠠ ᠴᠠᠭᠠᠵᠠ ᠶᠢ ᠬᠡᠷᠡᠭᠵᠢᠭᠦᠯᠬᠦ ᠡᠴᠡ ᠡᠮᠦᠨ᠎ᠡ ᠮᠢᠩ ᠤᠯᠤᠰ ᠤᠨ ᠲᠥᠷᠦ ᠵᠠᠰᠠᠭ ᠵᠠᠬ᠎ᠠ ᠳᠡᠯᠭᠡᠭᠦᠷ ᠠᠷᠠᠯᠵᠢᠶ᠎ᠠ ᠮᠠᠢᠮᠠᠢ ᠶᠢᠨ ᠳᠤᠮᠳᠠ ᠪᠤᠯᠢᠬᠠᠢᠯᠠᠯ ᠪᠠ ᠮᠡᠬᠡᠯᠡᠯ ᠬᠢᠵᠦ ᠡᠬᠢᠯᠡᠵᠡᠢ᠃ ᠢᠯᠠᠩᠭᠤᠶ᠎ᠠ ᠲᠠᠢᠭᠠᠨ ᠸᠠᠩ ᠵᠧᠨ ᠲᠥᠷᠦ ᠶᠢᠨ ᠡᠷᠬᠡ ᠶᠢ ᠲᠤᠰᠠᠭᠠᠷ ᠡᠵᠡᠷᠬᠡᠭᠰᠡᠨ ᠦ ᠳᠠᠷᠠᠭ᠎ᠠ ᠤᠮᠠᠷᠠᠳᠤ ᠶᠤᠸᠠᠨ ᠤᠯᠤᠰ ᠪᠣᠯᠤᠨ ᠮᠢᠩ ᠤᠯᠤᠰ ᠤᠨ ᠬᠣᠭᠤᠷᠤᠨᠳᠤᠬᠢ ᠠᠷᠠᠯᠵᠢᠶ᠎ᠠ ᠬᠤᠳᠠᠯᠳᠤᠭ᠎ᠠ ᠤᠷᠤᠭᠰᠢᠲᠠᠢ ᠶᠠᠪᠤᠭᠳᠠᠬᠤ ᠪᠠᠨ ᠪᠣᠯᠢᠵᠤ ᠤᠮᠠᠷᠠᠳᠤ ᠶᠤᠸᠠᠨ ᠤᠯᠤᠰ ᠤᠨ ᠠᠵᠤ ᠠᠬᠤᠢ ᠳᠤ ᠬᠦᠨᠳᠦ ᠨᠣᠴᠢᠲᠠᠢ ᠬᠣᠬᠢᠷᠠᠯ ᠤᠴᠠᠷᠠᠭᠤᠯᠤᠨ ᠠᠷᠠᠳ ᠤᠨ ᠠᠵᠤ ᠠᠮᠢᠳᠤᠷᠠᠯ ᠤᠨ ᠬᠡᠷᠡᠭᠰᠡᠯ ᠡᠳ᠋ ᠲᠤᠢᠯ ᠤᠨ ᠬᠣᠪᠤᠷ ᠴᠤᠬᠠᠭ ᠪᠣᠯᠵᠤ ᠠᠷᠠᠳ ᠢᠷᠭᠡᠳ ᠦᠨ ᠳᠤᠷ᠎ᠠ ᠦᠭᠡᠢᠴᠡᠯ ᠡᠳᠦᠷ ᠢᠷᠡᠬᠦᠶ᠎ᠡ ᠨᠡᠮᠡᠭᠳᠡᠵᠡᠢ᠃ ᠠᠷᠠᠯᠵᠢᠶ᠎ᠠ ᠬᠤᠳᠠᠯᠳᠤᠭ᠎ᠠ ᠨᠡᠪᠲᠡᠷᠡᠬᠦ ᠬᠠᠷᠢᠴᠠᠭ᠎ᠠ ᠶᠢ ᠪᠠᠢᠭᠤᠯᠬᠤ ᠶᠢᠨ ᠲᠥᠯᠦᠭᠡ ᠡᠰᠡᠨ ᠢᠨᠤ ᠲᠡᠢᠨ ᠪᠠᠢᠯᠳᠤᠭᠠᠨ ᠢ ᠳᠡᠭᠳᠡᠭᠡᠭᠡᠳ ᠦᠨᠳᠦᠰᠦᠲᠡᠨ ᠦ ᠠᠷᠠᠳ ᠲᠦᠮᠡᠨ ᠪᠣᠯᠤᠨ ᠥᠷᠭᠡᠨ ᠣᠯᠠᠨ ᠵᠠᠩᠵᠤᠨ ᠴᠡᠷᠢᠭ ᠦᠨ ᠬᠦᠷᠢᠶᠡᠯᠡᠯ ᠳᠡᠮᠵᠢᠯᠭᠡ ᠶᠢ ᠣᠯᠵᠠᠢ᠃ ᠲᠣᠳᠠᠪᠤᠬ᠎ᠠ ᠬᠠᠭᠠᠨ ᠤ ᠠᠷᠪᠠᠨ ᠨᠢᠭᠡᠳᠦᠭᠡᠷ ᠣᠨ ︵1449︶ ᠳᠤ ᠤᠮᠠᠷᠠᠳᠤ ᠶᠤᠸᠠᠨ ᠤᠯᠤᠰ ᠭᠤᠷᠪᠠᠨ ᠵᠠᠮ ᠢᠶᠠᠷ ᠴᠡᠷᠢᠭ ᠬᠥᠳᠡᠯᠭᠡᠨ ᠮᠢᠩ ᠤᠯᠤᠰ ᠢ ᠳᠠᠭᠠᠷᠢᠨ ᠳᠣᠪᠲᠤᠯᠪᠠ᠃ ᠡᠰᠡᠨ ᠳ᠋ᠠᠲ᠋ᠦ᠋ᠩ ᠢ ᠳᠣᠪᠲᠤᠯᠵᠤ ᠲᠣᠳᠠᠪᠤᠬ᠎ᠠ ᠵᠡᠭᠦᠨ ᠵᠠᠮ ᠢᠶᠠᠷ ᠯᠢᠶᠣᠣᠳᠦ᠋ᠩ ᠵᠦᠭ ᠴᠡᠷᠢᠭᠯᠡᠨ᠂ ᠠᠯᠠᠭ ᠶᠠᠮᠤᠨ ᠤ ᠬᠡᠷᠡᠭ ᠮᠡᠳᠡᠭᠴᠢ ᠰᠢᠤᠸᠠᠨ ᠹᠦ ᠶ᠋ᠢ ᠴᠣᠬᠢᠵᠤ ᡂᠢ ᠴᠧᠩ ᠢ ᠪᠦᠰᠡᠯᠡᠪᠡ᠃ ᠮᠢᠩ ᠤᠯᠤᠰ ᠤᠨ ᠶᠢ᠍ᠩᠽᠦ᠋ᠩ ᠬᠠᠭᠠᠨ ᠰᠡᠩᠳᠡ ᠮᠡᠩᠳᠡ 50 ᠲᠦᠮᠡᠨ ᠶᠡᠬᠡ ᠴᠡᠷᠢᠭ ᠳᠠᠢᠴᠢᠯᠠᠨ ᠮᠣᠷᠳᠠᠭᠠᠳ ᠲᠦᠮᠥᠪᠦ᠋ ᠳᠦ ᠪᠦᠬᠦ ᠴᠡᠷᠢᠭ ᠢᠶᠡᠨ ᠰᠥᠨᠦᠭᠡᠭᠳᠡᠨ ᠪᠡᠶ᠎ᠡ ᠨᠢ ᠪᠠᠰᠠ ᠪᠠᠷᠢᠭᠳᠠᠵᠠᠢ᠃ ᠡᠨᠡ ᠪᠣᠯ ᠲᠡᠦᠬᠡᠨ ᠳᠦ ᠨᠡᠷ᠎ᠡ ᠠᠯᠳᠠᠷᠰᠢᠭᠰᠠᠨ 《ᠲᠦᠮᠥᠪᠦ᠋ ᠶᠢᠨ ᠬᠡᠷᠡᠭ ᠬᠤᠪᠢᠰᠤᠯ》 ᠪᠣᠯᠬᠤ ᠶᠤᠮ᠃ ᠤᠮᠠᠷᠠᠳᠤ ᠶᠤᠸᠠᠨ ᠤᠯᠤᠰ ᠮᠢᠩ ᠤᠯᠤᠰ ᠤᠨ ᠶᠢ᠍ᠩᠽᠦ᠋ᠩ ᠬᠠᠭᠠᠨ ᠵᠣ᠋ ᠴᠢ ᠵᠧᠨ ᠢ ᠪᠤᠴᠠᠭᠠᠭᠰᠠᠨ ᠤ ᠳᠠᠷᠠᠭ᠎ᠠ ᠨᠥᠬᠦᠷᠰᠡᠭ ᠶᠠᠪᠤᠯᠴᠠᠭ᠎ᠠ ᠪᠠ ᠵᠠᠬ᠎ᠠ ᠳᠡᠯᠭᠡᠭᠦᠷ ᠠᠷᠠᠯᠵᠢᠶ᠎ᠠ ᠬᠤᠳᠠᠯᠳᠤᠭ᠎ᠠ ᠪᠠᠨ ᠬᠡᠪ ᠢᠶᠡᠷ ᠪᠠᠷᠢᠮᠲᠠᠯᠠᠨ ᠶᠠᠪᠤᠭᠤᠯᠪᠠ᠃ ᠬᠣᠶᠠᠷ ᠤᠯᠤᠰ ᠤᠨ ᠡᠯᠴᠢ ᠨᠠᠭᠠᠰᠢ ᠴᠠᠭᠠᠰᠢ ᠶᠠᠪᠤᠯᠴᠠᠬᠤ ᠲᠠᠰᠢᠷᠠᠮ ᠳᠤ ᠮᠢᠩ ᠤᠯᠤᠰ ᠲᠣᠳᠠᠪᠤᠬ᠎ᠠ ᠪᠣᠯᠤᠨ ᠡᠰᠡᠨ ᠲᠠᠢᠱ᠌ᠢ ᠶ᠋ᠢᠨ ᠬᠣᠭᠤᠷᠤᠨᠳᠤ ᠶᠠᠰᠤ ᠬᠠᠶᠠᠵᠤ᠂ ᠥᠳᠦᠭᠡᠨ ᠵᠠᠪᠰᠠᠷᠳᠠᠭᠤᠯᠪᠠ᠃ ᠲᠣᠭᠲᠠᠪᠤᠬ᠎ᠠ ᠬᠠᠭᠠᠨ ᠤ ᠠᠷᠪᠠᠨ ᠭᠤᠷᠪᠠᠳᠤᠭᠠᠷ ᠣᠨ ︵1451︶ ᠳᠤ ᠲᠣᠳᠠᠪᠤᠬ᠎ᠠ ᠡᠰᠡᠨ ᠢ ᠳᠠᠢᠯᠠᠭᠠᠳ ᠠᠩᠬ᠎ᠠ ᠡᠬᠢᠨ ᠳᠡᠭᠡᠨ ᠠᠮᠵᠢᠯᠲᠠ ᠣᠯᠣᠭᠰᠠᠨ ᠪᠣᠯᠪᠠᠴᠤ ᠲᠡᠭᠦᠨ ᠦ ᠳᠡᠭᠦᠦ ᠠᠭᠪᠠᠷᠵᠢ᠂ ᠡᠰᠡᠨ ᠳᠦ ᠣᠷᠤᠵᠤ ᠦᠬᠦᠭᠰᠡᠨ ᠢᠶᠡᠷ ᠴᠡᠷᠢᠭ ᠳᠠᠷᠤᠭᠳᠠᠵᠤ ᠲᠣᠳᠠᠪᠤᠬ᠎ᠠ 10 ᠭᠠᠷᠤᠶ ᠬᠠᠷᠢᠶᠠᠲᠤ ᠪᠠᠨ ᠳᠠᠭᠠᠭᠤᠯᠤᠨ ᠵᠢᠭᠤᠳᠠᠨ ᠳᠤᠲᠠᠭᠠᠭᠠᠳ ᠵᠡᠭᠦᠨᠰᠢ ᠶᠡᠬᠡ ᠬᠢᠩᠭᠠᠨ ᠳᠠᠪᠠᠭ᠎ᠠ ᠶᠢ ᠳᠠᠪᠠᠬᠤ ᠦᠶ᠎ᠡ ᠳᠡᠭᠡᠨ ᠤᠤᠯ ᠤᠨ ᠬᠠᠶᠠᠵᠤ ᠣᠷᠬᠢᠭᠰᠠᠨ ᠡᠬᠡᠨᠡᠷ ᠦᠨ ᠢᠶᠡᠨ ᠡᠴᠢᠭᠡ ᠳᠦᠨᠢ ᠠᠯᠠᠭᠳᠠᠵᠠᠢ᠃