ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠣᠭᠤᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠣᠭᠤᠨ ︵︖ ——l439︶ ᠮᠣᠩᠭᠤᠯ ᠣᠢᠷᠠᠳ ᠠᠢᠮᠠᠭ ᠤᠨ ᠠᠬᠠᠯᠠᠭᠴᠢ᠂ ᠮᠠᠬᠠᠮᠤ ᠶᠢᠨ ᠬᠥᠪᠡᠭᠦᠨ᠃ ᠡᠰᠡᠬᠦ ᠬᠠᠭᠠᠨ ᠤ ᠬᠣᠶᠠᠳᠤᠭᠠᠷ ᠣᠨ ︵ 1416 ︶ ᠳᠤ ᠡᠴᠢᠭᠡ ᠨᠢ ᠦᠬᠦᠭᠰᠡᠨ ᠦ ᠳᠠᠷᠠᠭ᠎ᠠ ᠬᠡᠷᠭᠡᠮ ᠵᠡᠷᠭᠡ ᠶᠢ ᠨᠢ ᠵᠠᠯᠭᠠᠮᠵᠢᠯᠠᠵᠠᠢ᠃ ᠳᠥᠷᠪᠡᠳᠦᠭᠡᠷ ᠣᠨ︵l418︶ ᠳᠤ ᠮᠣᠩᠭᠤᠯ ᠤ᠋ᠨ ᠦᠨᠳᠦᠰᠦᠨ ᠠᠢᠮᠠᠭ ᠤᠨ ᠠᠷᠤᠭᠲᠠᠢ ᠳᠤ ᠴᠣᠬᠢᠭᠳᠠᠭᠠᠳ ᠬᠦᠴᠦᠨ ᠲᠡᠩᠬᠡᠭᠡ ᠨᠢ ᠨᠡᠯᠢᠶᠡᠳ ᠰᠤᠯᠠᠷᠠᠵᠠᠢ᠃ ᠵᠡᠭᠦᠨ ᠲᠠᠯ᠎ᠠ ᠪᠠ ᠡᠮᠦᠨ᠎ᠡ ᠲᠠᠯ᠎ᠠ ᠪᠠᠷ ᠢᠶᠠᠨ ᠮᠣᠩᠭᠤᠯ ᠤ᠋ᠨ ᠦᠨᠳᠦᠰᠦᠨ ᠠᠢᠮᠠᠭ ᠪᠣᠯᠤᠨ ᠮᠢᠩ ᠤᠯᠤᠰ ᠤᠨ ᠰᠦᠷᠳᠡᠭᠦᠯᠦᠯ ᠳᠦ ᠤᠴᠠᠷᠠᠭᠰᠠᠨ ᠲᠤᠯᠠ ᠲᠣᠬᠤᠨ ᠥᠷᠦᠨ᠎ᠡ ᠵᠦᠭ ᠲᠦ ᠨᠤᠲᠤᠭ ᠳᠡᠪᠢᠰᠭᠡᠷ ᠢ᠋ᠶ᠋ᠡᠨ ᠲᠡᠯᠡᠵᠦ ᠥᠷᠭᠡᠳᠭᠡᠵᠡᠢ᠃ ᠡᠰᠡᠬᠦ ᠬᠠᠭᠠᠨ ᠤ ᠭᠤᠷᠪᠠᠳᠤᠭᠠᠷ ᠣᠨ ︵ 1417︶ ᠠᠴᠠ ᠠᠲᠠᠢ ᠬᠠᠭᠠᠨ ᠤ ᠭᠤᠷᠪᠠᠳᠤᠭᠠᠷ ᠣᠨ ︵ 1428︶ ᠪᠣᠯᠲᠠᠯ᠎ᠠ ᠲᠣᠬᠤᠨ ᠠᠨᠤ ᠮᠣᠩᠭᠤᠯ ᠤ᠋ᠨ ᠵᠡᠭᠦᠨ ᠴᠠᠭᠠᠳᠠᠢ ᠬᠠᠭᠠᠨᠲᠤ ᠤᠯᠤᠰ ᠵᠦᠭ ᠣᠯᠠᠨᠲᠠ ᠴᠡᠷᠢᠭᠯᠡᠨ ᠬᠦᠴᠦᠨ ᠦ ᠬᠦᠷᠢᠶ᠎ᠡ ᠬᠡᠪᠴᠢᠶ᠎ᠡ ᠪᠡᠨ ᠪᠠᠯᠠᠱ ᠨᠠᠭᠤᠷ ᠤᠨ ᠡᠮᠦᠨ᠎ᠡ ᠣᠷᠤᠨ ᠳ᠋ᠤ᠌ ᠬᠦᠷᠲᠡᠯ᠎ᠡ ᠲᠡᠯᠡᠵᠦ ᠥᠷᠭᠡᠳᠭᠡᠵᠡᠢ᠃ ᠲᠡᠭᠡᠭᠡᠳ ᠪᠠᠰᠠ ᠮᠢᠩ ᠤᠯᠤᠰ ᠮᠣᠩᠭᠤᠯ ᠤ᠋ᠨ ᠦᠨᠳᠦᠰᠦᠨ ᠠᠢᠮᠠᠭ ᠤᠨ ᠠᠷᠤᠭᠲᠠᠢ ᠶᠢ ᠳᠠᠢᠯᠠᠵᠤ ᠶᠠᠪᠤᠭ᠎ᠠ ᠬᠤᠭᠤᠴᠠᠭᠠᠨ ᠳᠤ ᠠᠷᠤᠭᠲᠠᠢ ᠶᠢᠨ ᠠᠢᠮᠠᠭ ᠢ ᠲᠠᠰᠤᠷᠠᠯᠲᠠ ᠦᠭᠡᠢ ᠳᠣᠪᠲᠤᠯᠵᠤ᠂ ᠡᠰᠡᠬᠦ ᠬᠠᠭᠠᠨ ᠤ ᠨᠠᠢ᠍ᠮᠠᠳᠤᠭᠠᠷ ᠣᠨ ︵ 1422︶ ᠪᠣᠯᠤᠨ ᠠᠲᠠᠢ ᠬᠠᠭᠠᠨ ᠤ ᠵᠢᠷᠭᠤᠳᠤᠭᠠᠷ ᠣᠨ ︵ 1431 ︶ ᠳᠤ ᠠᠷᠤᠭᠲᠠᠢ ᠶᠢ ᠬᠣᠶᠠᠷ ᠤᠳᠠᠭ᠎ᠠ ᠬᠢᠶᠠᠷᠠᠲᠠᠯ᠎ᠠ ᠴᠣᠬᠢᠵᠠᠢ᠃ ᠡᠰᠡᠬᠦ ᠬᠠᠭᠠᠨ ᠤ ᠶᠢᠰᠦᠳᠦᠭᠡᠷ ᠣᠨ ︵ 1424︶ ᠳᠤ ᠲᠠᠢᠫᠢᠩ ᠢ ᠳᠠᠢᠯᠠᠨ ᠳᠡᠢᠯᠦᠭᠡᠳ ᠣᠢᠷᠠᠳ ᠤᠨ ᠳᠥᠷᠪᠡᠨ ᠠᠢᠮᠠᠭ ᠤᠨ ᠴᠢᠭᠤᠯᠭᠠᠨ ᠡᠵᠡᠨ ᠪᠣᠯᠵᠠᠢ᠃ ᠬᠣᠵᠢᠮ ᠨᠢ ᠰᠢᠶᠠᠨ ᠢ ᠸᠠᠩ ᠲᠠᠢᠫᠢᠩ ᠪᠣᠯᠤᠨ ᠠᠨ ᠯᠸ ᠸᠠᠩ ᠪᠠᠲᠤᠪᠣᠯᠤᠳ ᠢ ᠠᠯᠠᠭᠠᠳ ᠣᠢᠷᠠᠳ ᠤᠨ ᠡᠯ᠎ᠡ ᠠᠢᠮᠠᠭ ᠢ ᠨᠢᠭᠡᠳᠭᠡᠭᠰᠡᠨ ᠪᠠᠢᠵᠠᠢ᠃ ᠠᠲᠠᠢ ᠬᠠᠭᠠᠨ ᠤ ᠶᠢᠰᠦᠳᠦᠭᠡᠷ ᠣᠨ ︵ 1434︶ ᠳᠤ ᠠᠷᠤᠭᠲᠠᠢ ᠡᠴᠢᠭᠡ ᠬᠥᠪᠡᠭᠦᠨ ᠢ᠋ ᠭᠡᠨᠡᠳᠡᠭᠦᠯᠦᠨ ᠠᠯᠠᠪᠠ᠃ ᠠᠷᠪᠠᠨ ᠬᠣᠶᠠᠳᠤᠭᠠᠷ ᠣᠨ︵1437︶ ᠳᠤ ᠠᠷᠤᠭᠲᠠᠢ ᠶᠢᠨ ᠲᠡᠳᠭᠦᠨ ᠰᠠᠭᠤᠯᠭᠠᠭᠰᠠᠨ ᠠᠲᠠᠢ ᠬᠠᠭᠠᠨ ᠢ ᠠᠯᠠᠵᠤ᠂ ᠵᠡᠭᠦᠨ ᠮᠣᠩᠭᠤᠯ ᠤ᠋ᠨ ᠦᠯᠡᠳᠡᠭᠳᠡᠯ ᠬᠦᠴᠦᠨ ᠢ ᠬᠤᠷᠢᠶᠠᠮᠵᠢᠯᠠᠨ ᠠᠪᠴᠤ᠂ ᠠᠷᠤᠭᠲᠠᠢ ᠪᠠᠷ ᠲᠥᠯᠦᠭᠡᠯᠡᠭᠦᠯᠦᠭᠰᠡᠨ ᠮᠣᠩᠭᠤᠯ ᠤ᠋ᠨ ᠦᠨᠳᠦᠰᠦᠨ ᠠᠢᠮᠠᠭ ᠪᠣᠯᠤᠨ ᠣᠢᠷᠠᠳ ᠠᠢᠮᠠᠭ ᠤᠨ ᠪᠠᠷᠤᠭ 30 ᠣᠨ ᠲᠡᠮᠡᠴᠡᠯᠳᠦᠭᠰᠡᠨ ᠲᠡᠦᠬᠡ ᠶᠢ ᠡᠴᠦᠰᠯᠡᠭᠦᠯᠦᠨ ᠲᠦᠷ ᠴᠠᠭ ᠤᠨ ᠨᠢᠭᠡᠳᠦᠯ ᠢ ᠪᠡᠶᠡᠯᠡᠭᠦᠯᠵᠡᠢ᠃ ᠲᠣᠬᠤᠨ ᠥᠪᠡᠷ ᠢ᠋ ᠪᠡᠨ ᠬᠦᠴᠦᠷᠬᠡᠭ ᠬᠦᠴᠦᠨ ᠲᠡᠢ ᠪᠣᠯᠤᠭᠰᠠᠨ ᠲᠤᠯᠠ ᠬᠠᠭᠠᠨ ᠣᠷᠤ ᠶ᠋ᠢ ᠵᠠᠯᠭᠠᠮᠵᠢᠯᠠᠬᠤ ᠰᠠᠨᠠᠭ᠎ᠠ ᠲᠠᠢ ᠪᠠᠢᠵᠠᠢ᠃ ᠭᠡᠪᠡᠴᠦ ᠲᠡᠷᠡ ᠠᠯᠲᠠᠨ ᠤᠷᠤᠭᠲᠠᠨ ᠪᠤᠰᠤ ᠲᠤᠯᠠ ᠲᠥᠪ ᠤᠳᠤᠮ ᠤᠨ ᠮᠣᠩᠭᠤᠯ ᠤ᠋ᠨ ᠹᠧᠣᠳᠠᠯ ᠡᠵᠡᠳ ᠦᠨ ᠡᠰᠡᠷᠭᠦᠴᠡᠯ ᠢ ᠣᠯᠵᠤ ᠠᠷᠭ᠎ᠠ ᠪᠤᠰᠤ ᠶᠤᠸᠠᠨ ᠤ ᠲᠥᠷᠦ ᠶᠢᠨ ᠬᠣᠢᠴᠢᠰ ᠲᠣᠭᠲᠠᠪᠤᠬ᠎ᠠ ᠶᠢ ᠮᠣᠩᠭᠤᠯ ᠤ᠋ᠨ ᠬᠠᠭᠠᠨ ᠢᠶᠠᠷ ᠡᠷᠭᠦᠮᠵᠢᠯᠡᠵᠦ ᠥᠪᠡᠷᠲᠡᠭᠡᠨ ᠴᠢᠩᠰᠠᠩ ᠪᠣᠯᠤᠭᠠᠳ ᠴᠡᠷᠢᠭ ᠵᠠᠰᠠᠭ ᠤᠨ ᠶᠡᠬᠡ ᠡᠷᠬᠡ ᠶᠢᠨ ᠵᠢᠯᠤᠭᠤ ᠶ᠋ᠢ ᠰᠢᠭᠦᠷᠡᠵᠡᠢ᠃ ᠲᠣᠭᠲᠠᠪᠤᠬ᠎ᠠ ᠶᠢᠨ ᠵᠢᠷᠭᠤᠳᠤᠭᠠᠷ ᠣᠨ ︵ 1439 ︶ ᠳᠤ ᠲᠣᠬᠤᠨ ᠨᠠᠰᠤ ᠨᠥᠭᠴᠢᠭᠰᠡᠨ ᠳ᠋ᠦ᠍ ᠲᠡᠭᠦᠨ ᠦ ᠬᠥᠪᠡᠭᠦᠨ ᠡᠰᠡᠨ ᠴᠢᠩᠰᠠᠩ ᠤᠨ ᠬᠡᠷᠭᠡᠮ ᠢ ᠵᠠᠯᠭᠠᠮᠵᠢᠯᠠᠵᠠᠢ᠃