ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠢᠯᠵᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠢᠯᠵᠢ ︵ᠦᠬᠦᠵᠦ ᠲᠥᠷᠦᠭᠰᠡᠨ ᠣᠨ ᠵᠢᠯ ᠨᠢ ᠪᠠᠯᠠᠷᠬᠠᠢ ︶ ᠶᠤᠸᠠᠨ ᠤᠯᠤᠰ ᠤᠨ ᠤᠷᠪᠠᠭᠰᠠᠨ ᠸᠠᠩ᠃ ᠮᠥᠩᠬᠡ ᠬᠠᠭᠠᠨ ᠤ ᠬᠥᠪᠡᠭᠦᠨ᠂ ᠾᠧ ᠫᠢᠩ ᠸᠠᠩ ᠮᠥᠨ᠃ ᡁᠢ ᠶᠤᠸᠠᠨ ᠤ ᠠᠷᠪᠠᠨ ᠬᠣᠶᠠᠳᠤᠭᠠᠷ ᠣᠨ ︵ 1275 ︶ ᠤ ᠨᠠᠢ᠍ᠮᠠᠳᠤᠭᠠᠷ ᠰᠠᠷ᠎ᠠ ᠳᠤ᠂ ᠤᠮᠠᠷ᠎ᠠ ᠶᠢ ᠲᠦᠪᠰᠢᠳᠭᠡᠭᠴᠢ ᠸᠠᠩ ᠨᠣᠮᠤᠬᠠᠨ ᠢ᠋ ᠳᠠᠭᠠᠵᠤ ᠤᠮᠠᠷᠠᠰᠢ ᠳᠠᠢᠯᠠᠪᠠ᠃ ᠢᠷᠡᠬᠦ ᠵᠢᠯ ᠦᠨ ᠬᠢᠨᠢ ᠡᠪᠦᠯ᠂ ᠮᠥᠩᠬᠡ ᠶ᠋ᠢᠨ ᠣᠮᠪᠤᠯᠤ ᠰᠢᠷᠡᠮᠦᠨ᠂ ᠲᠥᠷᠦᠯ ᠦᠨ ᠸᠠᠩ ᠲᠣᠭᠲᠠᠮᠤᠷ᠂ ᠠᠷᠢᠭᠪᠦ᠋ᠬᠡ ᠶᠢᠨ ᠬᠥᠪᠡᠭᠦᠨ ᠶᠤᠮᠤᠬᠤᠷ᠂ ᠮᠢᠩᠯᠢᠳᠡᠮᠦᠷ ᠨᠡᠷ ᠯᠤᠭ᠎ᠠ ᠰᠦᠯᠪᠡᠭᠡᠯᠡᠨ ᠤᠷᠪᠠᠯᠭ᠎ᠠ ᠭᠠᠷᠭᠠᠭᠰᠠᠨ ᠳᠤ ᠣᠯᠠᠨ ᠢᠶᠠᠷ ᠢᠶᠠᠨ ᠲᠡᠭᠦᠨ ᠢ ᠬᠠᠭᠠᠨ ᠢᠶᠠᠷ ᠡᠷᠭᠦᠮᠵᠢᠯᠡᠵᠡᠢ᠃ ᠲᠡᠭᠡᠭᠡᠳ ᠲᠠᠳᠠᠨᠤᠰ ᠨᠣᠮᠤᠬᠠᠨ ᠪᠣᠯᠤᠨ ᠠᠨ ᠲᠦᠩ ᠢ ᠲᠤᠰ ᠲᠤᠰ ᠵᠦᠴᠢ᠂ ᠮᠥᠩᠬᠡᠲᠡᠮᠦᠷ ᠪᠠ ᠬᠠᠢᠳᠤ ᠶ᠋ᠢᠨ ᠲᠡᠨᠳᠡ ᠬᠦᠷᠭᠡᠵᠦ᠂ ᠬᠣᠯᠪᠤᠭ᠎ᠠ ᠪᠠᠢᠭᠤᠯᠬᠤ ᠭᠡᠵᠦ ᠤᠷᠤᠯᠳᠤᠭᠠᠳ ᠪᠦᠲᠦᠭᠰᠡᠨ ᠦᠭᠡᠢ ᠶᠤᠮ᠃ ᠨᠠᠮᠤᠷ ᠨᠢ ᠰᠢᠯᠵᠢ ᠨᠡᠷ ᠳᠠᠪᠠᠭᠠᠨ ᠠᠷᠤ ᠲᠡᠢᠰᠢ ᠬᠠᠯᠳᠠᠯᠭ᠎ᠠ ᠬᠢᠵᠦ ᠬᠢᠷᠭᠢᠰ ᠵᠡᠷᠭᠡ ᠭᠠᠵᠠᠷ ᠢ ᠡᠵᠡᠯᠡᠭᠰᠡᠨ ᠶᠤᠮ᠃ ᠢᠷᠡᠬᠦ ᠵᠢᠯ ᠦᠨ ᠬᠢᠨᠢ ᠬᠠᠪᠤᠷ ᠵᠠᠮ ᠬᠤᠪᠢᠶᠠᠨ ᠵᠡᠭᠦᠨᠰᠢ ᠴᠡᠷᠢᠭᠯᠡᠭᠰᠡᠨ ᠳᠦ ᠬᠣᠩᠬᠢᠷᠠᠳ ᠠᠢᠮᠠᠭ ᠤᠨ ᠲᠦᠷᠦᠭᠦᠦ ᠵᠢᠷᠭᠤᠭᠠᠲᠠᠢ ᠲᠠᠳᠠᠨᠤᠰ ᠢ ᠴᠤᠤᠷᠢᠶᠠᠲᠤᠨ ᠲᠠᠭᠠᠪᠠ᠃ ᠬᠤᠪᠢᠯᠠᠢ ᠬᠠᠭᠠᠨ ᠲᠥᠷᠦᠯ ᠦᠨ ᠸᠠᠩ ᠪᠠᠢᠬᠤᠷ᠂ ᠰᠡᠴᠡᠲᠦ᠂ ᠳᠣᠲᠤᠭᠠᠳᠤ ᠪᠢᠴᠢᠭ ᠦᠨ ᠶᠠᠮᠤᠨ ᠤ ᠪᠠᠷᠠᠭᠤᠨ ᠭᠠᠷᠤᠨ ᠲᠤᠰᠠᠯᠠᠭᠴᠢ ᠪᠣᠷᠣᠬᠣᠨ ᠢ ᠲᠣᠮᠢᠯᠠᠨ ᠤᠮᠠᠷᠠᠰᠢ ᠳᠠᠢᠯᠠᠭᠤᠯᠤᠨ ᠤᠷᠪᠠᠯᠭᠠᠨ ᠢ ᠲᠦᠪᠰᠢᠳᠬᠡᠯᠭᠡᠬᠦ ᠪᠡᠷ ᠮᠣᠷᠳᠠᠭᠤᠯᠵᠠᠢ᠃ ᠬᠣᠶᠠᠷ ᠡᠲᠡᠭᠡᠳ ᠢᠯᠠᠮᠲᠤ᠂ ᠬᠠᠷ᠎ᠠ ᠬᠦᠴᠦᠭᠦᠦ ᠵᠡᠷᠭᠡ ᠭᠠᠵᠠᠷ ᠲᠤ ᠲᠤᠯᠤᠯᠳᠤᠭᠰᠠᠨ ᠳᠤ ᠤᠷᠪᠠᠭᠰᠠᠨ ᠴᠡᠷᠢᠭ ᠲᠠᠢᠯᠤᠭᠳᠠᠵᠤ᠂ ᠵᠢᠷᠭᠤᠭᠠᠲᠠᠢ ᠪᠠᠷᠢᠪᠴᠢᠯᠠᠭᠳᠠᠪᠠ᠃ ᠰᠢᠯᠵᠢ ᠶᠢᠨ ᠴᠡᠷᠢᠭ ᠲᠤᠤᠯᠠ ᠭᠣᠣᠯ ᠤᠨ ᠬᠠᠪᠢ ᠪᠠᠷ ᠤᠬᠤᠷᠢᠭᠠᠳ ᠪᠠᠰᠠ ᠲᠣᠳᠣᠬ᠎ᠠ ᠶᠢᠨ ᠴᠡᠷᠢᠭ ᠲᠦ ᠳᠡᠢᠯᠦᠭᠳᠡᠵᠡᠢ᠃ ᠵᠢᠷᠭᠤᠳᠤᠭᠠᠷ ᠰᠠᠷ᠎ᠠ ᠳᠤ ᠪᠠᠶᠠᠨ ᠴᠡᠷᠢᠭ ᠳᠠᠭᠠᠭᠤᠯᠤᠨ ᠤᠮᠠᠷᠠᠰᠢ ᠳᠠᠢᠯᠠᠵᠤ ᠲᠤᠤᠯᠠ ᠭᠣᠣᠯ ᠳᠤ ᠤᠷᠪᠠᠭᠰᠠᠨ ᠴᠡᠷᠢᠭ ᠢ ᠬᠢᠶᠠᠷᠠᠲᠠᠯ᠎ᠠ ᠴᠣᠬᠢᠵᠠᠢ᠃ ᠨᠠᠢ᠍ᠮᠠᠳᠤᠭᠠᠷ ᠰᠠᠷ᠎ᠠ ᠳᠤᠨᠢ ᠣᠷᠬᠤᠨ ᠭᠣᠣᠯ ᠳᠤ ᠪᠠᠰᠠ ᠤᠷᠪᠠᠭᠰᠠᠨ ᠴᠡᠷᠢᠭ ᠢ ᠪᠤᠲᠠᠷᠠᠲᠠᠯ᠎ᠠ ᠴᠣᠬᠢᠭᠰᠠᠨ ᠪᠠᠢᠵᠠᠢ᠃ ᠠᠷᠪᠠᠨ ᠲᠠᠪᠤᠳᠤᠭᠠᠷ ᠣᠨ ︵ 1278︶ ᠳᠤ ᠲᠣᠳᠣᠬ᠎ᠠ ᠠᠨ ᠲᠠᠢ ᠱᠠᠨ ᠤ᠋ ᠪᠠᠷᠠᠭᠤᠨᠲᠠᠢ ᠤᠷᠪᠠᠭᠰᠠᠨ ᠴᠡᠷᠢᠭ  ᠯᠦᠭᠡ ᠬᠣᠯᠪᠤᠭᠠᠯᠠᠭᠰᠠᠨ ᠣᠢᠷᠠᠳ᠂ ᠬᠢᠪᠴᠠᠭ ᠬᠣᠶᠠᠷ ᠠᠢᠮᠠᠭ ᠢ ᠪᠣᠳᠠ ᠴᠣᠬᠢᠭᠰᠠᠨ ᠳᠤ ᠰᠢᠯᠵᠢ ᠡᠷᠴᠢᠰ ᠮᠥᠷᠡᠨ ᠵᠦᠭ ᠵᠢᠭᠤᠳᠠᠨ ᠳᠤᠲᠠᠭᠠᠪᠠ᠃ ᠠᠷᠪᠠᠨ ᠨᠠᠢ᠍ᠮᠠᠳᠤᠭᠠᠷ ᠣᠨ ︵ 1281 ︶ ᠳᠤ ᠤᠷᠪᠠᠭᠰᠠᠨ ᠴᠡᠷᠢᠭ ᠦᠨ ᠳᠣᠲᠤᠭᠠᠳᠤ ᠳ᠋ᠤᠨᠢ ᠰᠠᠮᠠᠭᠤᠷᠠᠯ ᠭᠠᠷᠴᠤ ᠰᠢᠷᠡᠮᠦᠨ ᠠᠨᠤ ᠰᠢᠯᠵᠢ ᠶᠢ ᠪᠠᠷᠢᠪᠴᠢᠯᠠᠨ ᠳᠠᠢᠳᠤ ᠳᠤ ᠬᠦᠷᠭᠡᠵᠡᠢ᠃ ᠢᠷᠡᠬᠦ ᠵᠢᠯ ᠨᠢ ᠬᠤᠪᠢᠯᠠᠢ ᠬᠠᠭᠠᠨ ᠰᠢᠯᠵᠢ ᠶᠢ ᠬᠠᠢᠨᠠᠨ ᠳᠤ ᠴᠦᠯᠡᠭᠰᠡᠨ ᠳᠦ ᠲᠡᠷᠡ ᠲᠡᠷᠡ ᠬᠦ ᠭᠠᠵᠠᠷ ᠡᠴᠦᠰ ᠦᠨ ᠮᠥᠷ ᠢ᠋ᠶ᠋ᠡᠨ ᠦᠵᠡᠭᠰᠡᠨ ᠶᠤᠮ᠃