ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠣᠨᠳᠤᠪ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠣᠨᠳᠤᠪ ︵ 1935—— ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠠᠶᠠᠯᠭᠤ ᠵᠣᠬᠢᠶᠠᠭᠴᠢ᠃ ᠥᠪᠦᠷ ᠮᠣᠩᠭᠤᠯ ᠤ᠋ᠨ ᠬᠥᠯᠦᠨ ᠪᠤᠢᠷ ᠠᠢᠮᠠᠭ ᠤᠨ ᠰᠢᠨ᠎ᠡ ᠪᠠᠷᠭᠤ ᠵᠡᠭᠦᠨ ᠬᠣᠰᠢᠭᠤᠨ ᠳᠤ ᠨᠤᠲᠤᠭ ᠲᠠᠢ᠃ ᠮᠣᠩᠭᠤᠯ ᠦᠨᠳᠦᠰᠦᠲᠡᠨ᠃ 1943—— 1949 ᠣᠨ ᠪᠣᠯᠲᠠᠯ᠎ᠠ ᠥᠯᠦᠭᠡᠢ ᠨᠤᠲᠤᠭ ᠲᠠᠭᠠᠨ ᠪᠠᠭ᠎ᠠ ᠰᠤᠷᠭᠠᠭᠤᠯᠢ ᠳᠤ ᠰᠤᠷᠤᠯᠴᠠᠵᠤ᠂ 1956 ᠣᠨ ᠳᠤ ᠬᠠᠢᠯᠠᠷ ᠬᠣᠲᠠ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠠᠴᠠ ᠰᠤᠷᠤᠯᠭ᠎ᠠ ᠲᠡᠭᠦᠰᠴᠡᠢ᠃ ᠲᠤᠰ ᠣᠨ ᠳᠠᠭᠠᠨ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠲᠦ ᠣᠷᠤᠵᠤ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠤᠷᠠᠨ ᠰᠠᠢᠬᠠᠨ ᠤ ᠪᠦᠯᠬᠦᠮ ᠳᠦ ᠲᠣᠭᠯᠠᠭᠴᠢ ᠪᠠᠷ ᠠᠵᠢᠯᠯᠠᠪᠠ᠃ 1960 ᠣᠨ ᠳᠤ ᠪᠡᠭᠡᠵᠢᠩ ᠳᠦ ᠲᠥᠪ ᠦ᠋ᠨ ᠬᠥᠭᠵᠢᠮ ᠦ᠋ᠨ ᠪᠦᠯᠬᠦᠮ ᠳᠦ ᠰᠤᠷᠤᠯᠴᠠᠵᠠᠢ᠃ 1961 ᠣᠨ ᠠᠴᠠ 1988 ᠣᠨ ᠪᠣᠯᠲᠠᠯ᠎ᠠ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠤᠷᠠᠨ ᠰᠠᠢᠬᠠᠨ ᠤ ᠪᠦᠯᠬᠦᠮ ᠳᠦ ᠵᠣᠬᠢᠶᠠᠭᠴᠢ᠂ ᠰᠤᠷᠭᠠᠭᠴᠢ᠂ ᠬᠥᠭᠵᠢᠮ ᠦ᠋ᠨ ᠠᠩᠭᠢ ᠶᠢᠨ ᠵᠢᠯᠤᠭᠤᠳᠤᠭᠴᠢ ᠪᠠᠷ ᠠᠵᠢᠯᠯᠠᠪᠠ᠃ ᠲᠡᠭᠦᠨ ᠦ ᠱᠠᠩᠨᠠᠯ ᠬᠦᠷᠲᠡᠭᠰᠡᠨ ᠵᠣᠬᠢᠶᠠᠯ ᠪᠦᠲᠦᠭᠡᠯ 《ᠪᠠᠶᠠᠰᠭᠤᠯᠠᠨᠭᠲᠤ ᠵᠥᠭᠡᠭᠡᠪᠦᠷᠢᠯᠡᠭᠴᠢ》 ᠨᠢ 1960 ᠣᠨ ᠳᠤ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠤᠷᠠᠨ ᠰᠠᠢᠬᠠᠨ ᠤ ᠦᠵᠡᠭᠦᠯᠦᠯᠭᠡ ᠶᠢᠨ ᠲᠣᠭᠯᠠᠯᠲᠠ ᠳᠡᠭᠡᠷ᠎ᠡ 《ᠠᠷᠠᠳ ᠤᠨ ᠨᠠᠢᠷᠠᠯ ᠬᠥᠭᠵᠢᠮ》 ᠦᠨ ᠭᠤᠷᠪᠠᠳᠤᠭᠠᠷ ᠲᠠᠰ ᠤᠨ ᠱᠠᠩᠨᠠᠯ ᠢ ᠬᠦᠷᠲᠡᠪᠡ᠃ 《ᠬᠢᠯᠢ ᠶᠢᠨ ᠬᠠᠮᠠᠭᠠᠯᠠᠯᠲᠠ ᠶᠢᠨ ᠪᠠᠢᠯᠳᠤᠭᠴᠢᠳ ᠳᠠᠭᠤᠯᠠᠯᠴᠠᠯ᠎ᠠ》 ᠭᠡᠳᠡᠭ ᠠᠶ᠎ᠠ ᠨᠢ᠂ 1980 ᠣᠨ ᠳᠤ ᠪᠡᠭᠡᠵᠢᠩ ᠦᠨ ᠴᠡᠷᠢᠭ ᠦᠨ ᠲᠣᠭᠤᠷᠢᠭ ᠤᠨ ᠤᠯᠤᠰ ᠪᠠᠢᠭᠤᠯᠤᠭᠳᠠᠭᠰᠠᠨ 30 ᠵᠢᠯ ᠦᠨ ᠣᠢ ᠶᠢᠨ ᠤᠷᠠᠨ ᠰᠠᠢᠬᠠᠨ ᠤ ᠰᠢᠯᠭᠠᠷᠠᠭᠤᠯᠤᠯᠲᠠ ᠶᠢᠨ ᠬᠤᠷᠠᠯᠳᠤᠭᠠᠨ ᠳᠡᠭᠡᠷ᠎ᠡ 3 ᠳ᠋ᠤᠭᠠᠷ ᠲᠠᠰ ᠤᠨ ᠱᠠᠩᠨᠠᠯ ᠣᠯᠪᠠ᠃ 《ᠲᠠᠯ᠎ᠠ ᠨᠤᠲᠤᠭ ᠤᠨ ᠡᠵᠢ》 ᠬᠡᠮᠡᠬᠦ ᠬᠥᠭᠵᠢᠮ ᠦ᠋ᠨ ᠠᠶ᠎ᠠ ᠨᠢ 1984 ᠣᠨ ᠤ ᠥᠪᠦᠷ ᠮᠣᠩᠭᠤᠯ ᠤ᠋ᠨ ᠮᠣᠩᠭᠤᠯ ᠷᠠᠳᠢᠣ᠋ ᠨᠡᠪᠲᠡᠷᠡᠭᠦᠯᠦᠯᠭᠡ ᠶᠢᠨ ᠡᠯᠰᠡᠭᠰᠡᠨ ᠠᠶ᠎ᠠ ᠳᠠᠭᠤᠤ ᠶᠢᠨ ᠳᠣᠲᠤᠷ᠎ᠠ 3 ᠳ᠋ᠤᠭᠠᠷ ᠲᠠᠰ ᠤᠨ ᠱᠠᠩᠨᠠᠯ ᠬᠦᠷᠲᠡᠪᠡ᠃ 《ᠪᠢᠴᠢᠬᠠᠨ ᠪᠠᠭᠠᠲᠤᠷ ᠪᠦᠷᠭᠦᠳ》 ᠬᠡᠮᠡᠬᠦ ᠪᠥᠵᠢᠭ ᠦ᠋ᠨ ᠠᠶ᠎ᠠ ᠨᠢ ᠤᠮᠠᠷᠠᠳᠤ ᠣᠷᠤᠨ ᠤ᠋ ᠭᠤᠷᠪᠠᠨ ᠭᠠᠵᠠᠷ ᠣᠷᠤᠨ ᠤ᠋ ᠪᠠᠭᠠᠴᠤᠳ ᠤᠨ ᠣᠷᠳᠤᠨ ᠤ᠋ ᠦᠵᠡᠭᠦᠯᠦᠯᠭᠡ ᠶᠢᠨ ᠲᠣᠭᠯᠠᠯᠲᠠ ᠳᠡᠭᠡᠷ᠎ᠡ ᠰᠢᠯᠢᠳᠡᠭ ᠪᠦᠲᠦᠭᠡᠯ ᠦᠨ ᠱᠠᠩᠨᠠᠯ ᠠᠴᠠ ᠭᠠᠷᠳᠠᠵᠠᠢ᠃ 《ᠪᠡᠯᠡᠭ》 ᠬᠡᠮᠡᠬᠦ ᠳᠠᠭᠤᠤ ᠶᠢᠨ ᠠᠶ᠎ᠠ ᠨᠢ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠣᠶᠤᠨ ᠤ ᠪᠣᠯᠪᠠᠰᠤᠨ ᠤ ᠪᠦᠲᠦᠭᠡᠨ ᠪᠠᠢᠭᠤᠯᠤᠯᠲᠠ ᠶᠢᠨ ᠤᠳᠭ᠎ᠠ ᠤᠷᠠᠯᠢᠭ ᠤᠨ ᠰᠢᠯᠭᠠᠷᠠᠭᠤᠯᠤᠯᠲᠠ ᠳᠤ 2 ᠳ᠋ᠤᠭᠠᠷ ᠲᠠᠰ ᠤᠨ ᠱᠠᠩᠨᠠᠯ ᠬᠦᠷᠲᠡᠪᠡ᠃ 《ᠵᠢᠭᠠᠬᠠᠨ ᠢᠰᠢᠭᠡ》᠂ 《ᠬᠦᠨᠳᠦᠲᠦ ᠪᠠᠭᠰᠢ》᠂ 《ᠤᠷᠢᠬᠠᠨ ᠬᠠᠪᠤᠷ ᠲᠠ ᠰᠠᠢᠨ ᠤᠤ》 ᠭᠡᠳᠡᠭ ᠳᠠᠭᠤᠤ ᠨᠤᠭᠤᠳ ᠤᠨ ᠠᠶ᠎ᠠ ᠪᠠ《ᠡᠪᠡᠰᠦᠨ ᠦᠷ᠎ᠡ ᠲᠡᠭᠦᠭᠰᠡᠨ》ᠭᠡᠬᠦ ᠪᠥᠵᠢᠭ ᠦ᠋ᠨ ᠠᠶᠠᠰ ᠨᠢ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠩᠬᠠᠳᠤᠭᠠᠷ ᠬᠤᠭᠤᠴᠠᠭᠠᠨ ᠤ ᠤᠳᠭ᠎ᠠ ᠤᠷᠠᠯᠢᠭ ᠤᠨ ᠪᠦᠲᠦᠭᠡᠯ ᠦᠨ 《ᠰᠠᠷᠠᠨ᠎ᠠ》 ᠨᠡᠷᠡᠮᠵᠢᠲᠦ ᠬᠠᠮᠤᠭ ᠳᠡᠭᠡᠳᠦ ᠢᠷᠠᠭᠤ ᠠᠯᠳᠠᠷᠲᠤ ᠱᠠᠩᠨᠠᠯ ᠪᠠ ᠪᠠᠭᠠᠴᠤᠳ ᠬᠡᠦᠬᠡᠳ ᠦ᠋ᠨ ᠮᠣᠩᠭᠤᠯ ᠨᠡᠪᠲᠡᠷᠡᠭᠦᠯᠭᠡ ᠶᠢᠨ ᠰᠢᠯᠢᠳᠡᠭ ᠠᠶ᠎ᠠ ᠳᠠᠭᠤᠤ ᠶᠢᠨ ᠱᠠᠩᠨᠠᠯ᠂ ᠤᠮᠠᠷᠠᠳᠤ ᠶ᠋ᠢᠨ 3 ᠣᠷᠤᠨ ᠤ᠋ ᠪᠠᠭᠠᠴᠤᠳ ᠬᠡᠦᠬᠡᠳ ᠦ᠋ᠨ ᠦᠵᠡᠭᠦᠯᠦᠯᠭᠡ ᠶᠢᠨ ᠲᠣᠭᠯᠠᠯᠲᠠ ᠶᠢᠨ ᠰᠢᠯᠢᠳᠡᠭ ᠠᠶ᠎ᠠ ᠳᠠᠭᠤᠤ ᠶᠢᠨ ᠱᠠᠩᠨᠠᠯ ᠪᠠ ᠵᠣᠬᠢᠶᠠᠯ ᠪᠦᠲᠦᠭᠡᠯ ᠦᠨ ᠱᠠᠩᠨᠠᠯ ᠢ ᠲᠤᠰ ᠲᠤᠰ ᠭᠠᠷᠳᠠᠵᠠᠢ᠃ 《ᠠᠷᠤ ᠬᠢᠯᠢ ᠮᠢᠨᠢ ᠶᠠᠮᠠᠷ ᠰᠠᠢᠬᠠᠨ ᠪᠣᠢ》᠂ 《ᠬᠠᠷᠠᠭᠤᠯ ᠤᠨ ᠭᠠᠵᠠᠷ ᠲᠠᠭᠠᠨ ᠬᠥᠬᠡᠬᠣᠲᠠ ᠪᠠᠨ ᠳᠠᠭᠤᠯᠠᠨ᠎ᠠ ︶ ᠬᠡᠮᠡᠬᠦ ᠠᠶ᠎ᠠ ᠳᠠᠭᠤᠤ ᠨᠤᠭᠤᠳ ᠨᠢ ᠠᠩᠬᠠᠳᠤᠭᠠᠷ ᠬᠤᠭᠤᠴᠠᠭᠠᠨ ᠤ ᠥᠪᠡᠷᠲᠡᠭᠡᠨ ᠵᠠᠰᠠᠬᠤ ᠣᠷᠤᠨ ᠤ᠋ 《ᠰᠠᠷᠠᠨ᠎ᠠ》 ᠨᠡᠷᠡᠮᠵᠢᠲᠦ ᠭᠤᠷᠪᠠᠳᠤᠭᠠᠷ ᠲᠠᠰ ᠤᠨ ᠱᠠᠩᠨᠠᠯ ᠪᠠ 1984 ᠣᠨ ᠤ 《ᠬᠥᠬᠡᠬᠣᠲᠠ ᠶᠢᠨ ᠳᠠᠭᠤᠯᠠᠯ》 ᠳᠡᠭᠡᠷ᠎ᠡ 3 ᠳ᠋ᠤᠭᠠᠷ ᠲᠠᠰ ᠤᠨ ᠱᠠᠩᠨᠠᠯ ᠢ ᠬᠦᠷᠲᠡᠵᠡᠢ᠃ 《7 ᠪᠤᠷᠢᠶᠠᠳ ᠤᠨ ᠳᠠᠭᠤᠤ ᠶᠢᠨ ᠡᠮᠬᠢᠳᠭᠡᠯ》 ᠬᠡᠮᠡᠬᠦ ᠬᠥᠭᠵᠢᠮ ᠦ᠋ᠨ ᠪᠦᠲᠦᠭᠡᠯ ᠨᠢ ᠬᠥᠯᠦᠨ ᠪᠤᠢᠷ ᠠᠢᠮᠠᠭ ᠤᠨ ᠤᠯᠤᠰ ᠪᠠᠢᠭᠤᠯᠤᠭᠳᠠᠭᠰᠠᠨ 30 ᠵᠢᠯ ᠦᠨ ᠣᠢ ᠶᠢᠨ ᠤᠳᠭ᠎ᠠ ᠤᠷᠠᠯᠢᠭ ᠤᠨ ᠪᠦᠲᠦᠭᠡᠯ ᠦᠨ ᠪᠢᠯᠢᠭ ᠦᠨ ᠬᠡᠭᠡᠷ ᠦᠨ ᠱᠠᠩᠨᠠᠯ ᠤᠨ 3 ᠳ᠋ᠤᠭᠠᠷ ᠲᠠᠰ ᠤᠨ ᠱᠠᠩᠨᠠᠯ ᠢ ᠬᠦᠷᠲᠡᠵᠦ᠂ 《ᠬᠣᠷᠢᠶᠠᠨ ᠳᠠᠷᠤᠭ᠎ᠠ ᠮᠠᠨ ᠤ ᠲᠠᠰᠤᠭ ᠲᠤ ᠢᠷᠡᠯ᠎ᠡ》 ᠬᠡᠮᠡᠬᠦ ᠬᠣᠯᠪᠤᠭ᠎ᠠ᠂ 《ᠪᠢᠯᠬᠠᠮ᠎ᠠ ᠪᠠᠶᠠᠷ》 ᠬᠡᠮᠡᠬᠦ ᠪᠥᠵᠢᠭ ᠦ᠋ᠨ ᠠᠶ᠎ᠠ ᠨᠢ ᠶᠡᠷᠦᠩᠬᠡᠢ ᠤᠯᠤᠰ ᠲᠥᠷᠦ ᠶᠢᠨ ᠬᠡᠯᠲᠡᠰ ᠦᠨ ᠪᠦᠬᠦ ᠴᠡᠷᠢᠭ ᠦᠨ 1  ᠳᠦᠭᠡᠷ ᠬᠤᠭᠤᠴᠠᠭᠠᠨ ᠤ ᠤᠷᠠᠨ ᠰᠠᠢᠬᠠᠨ ᠤ ᠦᠵᠡᠭᠦᠯᠦᠯᠭᠡ ᠶᠢᠨ ᠲᠣᠭᠯᠠᠯᠲᠠ ᠶᠢᠨ ᠵᠣᠬᠢᠶᠠᠯ ᠪᠦᠲᠦᠭᠡᠯ ᠦᠨ ᠱᠠᠩᠨᠠᠯ ᠠᠴᠠ ᠭᠠᠷᠳᠠᠵᠠᠢ᠃ ᠳᠣᠨᠳᠤᠪ 30 ᠭᠠᠷᠤᠶ ᠵᠢᠯ ᠦᠨ ᠲᠤᠷᠰᠢ 450 ᠭᠠᠷᠤᠶ ᠬᠥᠭᠵᠢᠮ ᠦ᠋ᠨ ᠵᠣᠬᠢᠶᠠᠯ ᠪᠦᠲᠦᠭᠡᠯ ᠢ ᠵᠣᠬᠢᠶᠠᠵᠤ ᠬᠡᠪᠯᠡᠭᠦᠯᠵᠡᠢ᠃ 《ᠳᠣᠨᠳᠤᠪ ᠤ᠋ᠨ ᠠᠶ᠎ᠠ ᠳᠠᠭᠤᠤ ᠶᠢᠨ ᠲᠡᠭᠦᠪᠦᠷᠢ》᠂ 《ᠳᠣᠨᠳᠤᠪ ᠤ᠋ᠨ ᠬᠡᠦᠬᠡᠳ ᠦ᠋ᠨ ᠠᠶ᠎ᠠ ᠳᠠᠭᠤᠤ ᠶᠢᠨ ᠲᠡᠭᠦᠪᠦᠷᠢ》 ᠵᠡᠷᠭᠡ ᠨᠢ ᠲᠡᠭᠦᠨ ᠦ ᠲᠥᠯᠦᠭᠡᠯᠡᠭᠴᠢ ᠪᠦᠲᠦᠭᠡᠯ ᠪᠣᠯᠬᠤ ᠶᠤᠮ᠃ 《ᠳᠣᠨᠳᠤᠪ ᠤ᠋ᠨ ᠠᠶ᠎ᠠ ᠳᠠᠭᠤᠤ ᠶᠢᠨ ᠲᠡᠭᠦᠪᠦᠷᠢ》 ᠨᠢ ᠬᠣᠶᠠᠳᠤᠭᠠᠷ ᠬᠤᠭᠤᠴᠠᠭᠠᠨ ᠤ ᠮᠣᠩᠭᠤᠯ ᠨᠣᠮ ᠪᠢᠴᠢᠭ ᠦᠨ 3 ᠳ᠋ᠤᠭᠠᠷ ᠲᠠᠰ ᠤᠨ ᠱᠠᠩᠨᠠᠯ ᠢ ᠬᠦᠷᠲᠡᠪᠡ᠃ ᠳᠣᠨᠳᠤᠪ᠂ ᠳᠤᠮᠳᠠᠳᠤ ᠤᠯᠤᠰ ᠤᠨ ᠬᠥᠭᠵᠢᠮᠴᠢᠳ ᠦ᠋ᠨ ᠨᠡᠢᠭᠡᠮᠯᠢᠭ ᠦᠨ ᠭᠡᠰᠢᠭᠦᠨ᠂ ᠥᠪᠦᠷ ᠮᠣᠩᠭᠤᠯ ᠤ᠋ᠨ ᠬᠥᠭᠵᠢᠮᠴᠢᠳ ᠦ᠋ᠨ ᠨᠡᠢᠭᠡᠮᠯᠢᠭ ᠦᠨ ᠬᠡᠷᠡᠭ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ ᠥᠩᠭᠡᠷᠡᠭᠰᠡᠨ ᠶᠤᠮ᠃