ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠡᠭᠵᠢᠷᠡᠬᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠡᠭᠵᠢᠷᠡᠬᠦ ︵ 1923—— 1994︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠵᠢᠯᠤᠭᠤᠳᠤᠭᠴᠢ᠃ ᠮᠣᠩᠭᠤᠯ ᠦᠨᠳᠦᠰᠦᠲᠡᠨ᠃ ᠭᠢᠷᠢᠨ ᠮᠤᠵᠢ ᠶᠢᠨ ᠵᠧᠠᠯᠠᠢ ᠰᠢᠶᠠᠨ ᠤ ᠬᠥᠮᠦᠨ᠃ 1946 ᠣᠨ ᠤ 4 ᠰᠠᠷ᠎ᠠ ᠳᠤ ᠪᠧᠢ ᠠᠨ ᠤ ᠴᠡᠷᠢᠭ ᠵᠠᠰᠠᠭ ᠤᠨ ᠶᠡᠬᠡ ᠰᠤᠷᠭᠠᠭᠤᠯᠢ ᠳᠤ ᠰᠤᠷᠤᠯᠴᠠᠵᠤ ᠲᠤᠰ ᠵᠢᠯ ᠦᠨ 12 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ ᠲᠡᠭᠦᠨ ᠦ ᠳᠠᠷᠠᠭ᠎ᠠ᠂ ᠪᠧᠢ ᠠᠨ ᠤ ᠴᠡᠷᠢᠭ ᠵᠠᠰᠠᠭ ᠤᠨ ᠶᠡᠬᠡ ᠰᠤᠷᠭᠠᠭᠤᠯᠢ ᠶᠢᠨ ᠰᠤᠷᠤᠭᠴᠢ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠦᠷ ᠮᠣᠩᠭᠤᠯ ᠤ᠋ᠨ ᠵᠠᠯᠠᠭᠤᠴᠤᠳ ᠤᠨ ᠠᠵᠢᠯ ᠤᠨ ᠬᠣᠷᠢᠶᠠᠨ ᠤ᠋ ᠨᠠᠷᠢᠨ ᠪᠢᠴᠢᠭᠡᠴᠢ᠂ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠶᠢᠨ ᠤᠯᠤᠰ ᠲᠥᠷᠦ ᠶᠢᠨ ᠬᠡᠯᠲᠡᠰ ᠦᠨ ᠵᠠᠯᠠᠭᠤᠴᠤᠳ ᠤᠨ ᠰᠠᠯᠠᠭ᠎ᠠ ᠶᠢᠨ ᠳᠠᠷᠤᠭ᠎ᠠ᠂ ᠠᠮᠤᠷ ᠢ ᠬᠠᠮᠠᠭᠠᠯᠠᠬᠤ ᠰᠠᠯᠠᠭ᠎ᠠ ᠶᠢᠨ ᠳᠠᠷᠤᠭ᠎ᠠ ᠶᠢᠨ ᠲᠤᠰᠢᠶᠠᠯ ᠤᠳ ᠢ ᠬᠠᠷᠢᠭᠤᠴᠠᠵᠠᠢ᠃ ᠡᠨᠡ ᠬᠦ ᠬᠤᠭᠤᠴᠠᠭᠠᠨ ᠳᠤ ᠯᠢᠶᠣᠣ ᠱᠧᠨ ᠦ ᠳᠠᠢᠯᠠᠯᠳᠤᠭᠠᠨ ᠤ ᠳᠤᠮᠳᠠᠬᠢ ᠾᠧᠢᠢᠱᠠᠨ᠂ ᠳ᠋ᠠ ᠬᠤ᠌ ᠱᠠᠨ ᠤ᠋ ᠬᠣᠷᠢᠭᠯᠠᠨ ᠴᠣᠬᠢᠬᠤ ᠲᠤᠯᠤᠯᠳᠤᠭᠠᠨ ᠪᠣᠯᠤᠨ ᠰᠢᠯᠢ ᠶᠢᠨ ᠭᠣᠣᠯ ᠤᠨ ᠲᠠᠯ᠎ᠠ ᠨᠤᠲᠤᠭ ᠲᠠᠬᠢ ᠳᠡᠭᠡᠷᠡᠮ ᠢ ᠠᠷᠢᠯᠭᠠᠬᠤ ᠲᠤᠯᠤᠯᠳᠤᠭᠠᠨ ᠳᠤ ᠣᠷᠤᠯᠴᠠᠵᠤ ᠥᠩᠭᠡᠷᠡᠪᠡ᠃ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ ᠤ ᠳᠠᠷᠠᠭ᠎ᠠ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠤᠯᠤᠰ ᠲᠥᠷᠦ ᠶᠢᠨ ᠬᠡᠯᠲᠡᠰ ᠦᠨ ᠠᠮᠤᠷ ᠢ ᠬᠠᠮᠠᠭᠠᠯᠠᠬᠤ ᠬᠡᠯᠲᠡᠰ ᠦᠨ ᠨᠢᠭᠡᠳᠦᠭᠡᠷ ᠰᠠᠯᠠᠭ᠎ᠠ ᠶᠢᠨ ᠳᠠᠷᠤᠭ᠎ᠠ᠂ ᠥᠪᠦᠷ ᠮᠣᠩᠭᠤᠯ ᠤ᠋ᠨ ᠮᠣᠷᠢᠲᠤ ᠴᠡᠷᠢᠭ ᠦᠨ 5 ᠳ᠋ᠤᠭᠠᠷ ᠳ᠋ᠢᠸᠢᠽᠢ ᠶᠢᠨ ᠤᠯᠤᠰ ᠲᠥᠷᠦ ᠶᠢᠨ ᠬᠡᠯᠲᠡᠰ ᠦᠨ ᠠᠮᠤᠷ ᠢ ᠬᠠᠮᠠᠭᠠᠯᠠᠬᠤ ᠰᠠᠯᠠᠭ᠎ᠠ ᠶᠢᠨ ᠳᠠᠷᠤᠭ᠎ᠠ᠂ ᠡᠷᠢᠶᠡᠨ ᠬᠣᠲᠠ ᠶᠢᠨ ᠬᠢᠯᠢ ᠶᠢᠨ ᠬᠠᠮᠠᠭᠠᠯᠠᠯᠲᠠ ᠶᠢᠨ ᠶᠡᠷᠦᠩᠬᠡᠢ ᠥᠷᠲᠡᠭᠡ ᠶ᠋ᠢᠨ ᠳᠠᠷᠤᠭ᠎ᠠ᠂ ᠰᠢᠯᠢ ᠶᠢᠨ ᠭᠣᠣᠯ ᠤᠨ ᠴᠡᠷᠢᠭ ᠦᠨ ᠬᠤᠪᠢᠶᠠᠷᠢ ᠲᠣᠭᠤᠷᠢᠭ ᠤᠨ ᠳᠡᠳ᠋ ᠤᠯᠤᠰ ᠲᠥᠷᠦ ᠶᠢᠨ ᠭᠡᠰᠢᠭᠦᠨ᠂ ᠪᠤᠭᠤᠲᠤ ᠶᠢᠨ ᠴᠡᠷᠢᠭ ᠦᠨ ᠬᠤᠪᠢᠶᠠᠷᠢ ᠲᠣᠭᠤᠷᠢᠭ ᠤᠨ ᠳᠡᠳ᠋ ᠤᠯᠤᠰ ᠲᠥᠷᠦ ᠶᠢᠨ ᠭᠡᠰᠢᠭᠦᠨ᠂ ᠤᠯᠤᠰ ᠲᠥᠷᠦ ᠶᠢᠨ ᠭᠡᠰᠢᠭᠦᠨ᠂ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠰᠠᠬᠢᠯᠭ᠎ᠠ ᠪᠠᠲᠤ ᠪᠠᠢᠴᠠᠭᠠᠬᠤ ᠬᠣᠷᠢᠶᠠᠨ ᠤ᠋ ᠲᠤᠰᠭᠠᠢ ᠲᠤᠰᠢᠶᠠᠯᠲᠤ ᠳᠡᠳ᠋ ᠱᠦᠵᠢ ᠮᠡᠲᠦ ᠶᠢᠨ ᠲᠤᠰᠢᠶᠠᠯ ᠤᠳ ᠢ ᠬᠠᠷᠢᠭᠤᠴᠠᠵᠤ ᠥᠩᠭᠡᠷᠡᠪᠡ᠃ ᠲᠡᠷᠡ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ 3 ᠳ᠋ᠤᠭᠠᠷ ᠲᠠᠰ ᠤᠨ ᠴᠢᠯᠦᠭᠡᠯᠡᠯᠲᠡ ᠶ᠋ᠢᠨ ᠮᠧᠳᠠᠯ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠢᠯᠠᠯᠲᠠ ᠶᠢᠨ ᠭᠠᠪᠢᠶᠠᠨ ᠤ ᠢᠷᠠᠭᠤ ᠠᠯᠳᠠᠷᠲᠤ ᠮᠧᠳᠠᠯ ᠠᠴᠠ ᠭᠠᠷᠳᠠᠪᠠ᠃ 1985 ᠣᠨ ᠤ l0 ᠰᠠᠷ᠎ᠠ ᠳᠤ ᠳᠡᠳ᠋ ᠠᠷᠮᠢ ᠶᠢᠨ ᠲᠠᠰ ᠤᠨ ᠳᠠᠷᠤᠭ᠎ᠠ ᠶᠢᠨ ᠲᠤᠰᠢᠶᠠᠯ ᠢᠶᠠᠷ ᠠᠵᠢᠯ ᠠᠴᠠ ᠪᠠᠨ ᠠᠮᠠᠷᠠᠵᠤ 1994 ᠣᠨ ᠤ 8 ᠰᠠᠷ᠎ᠠ ᠳᠤ ᠬᠥᠬᠡᠬᠣᠲᠠ ᠳ᠋ᠤ᠌ 71 ᠨᠠᠰᠤᠨ ᠳᠠᠭᠠᠨ ᠨᠠᠰᠤ ᠪᠠᠷᠠᠵᠠᠢ᠃