ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠠᠸᠠᠴᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠠᠸᠠᠴᠢ ︵ᠦᠬᠦᠵᠦ ᠲᠥᠷᠦᠭᠰᠡᠨ ᠣᠨ ᠵᠢᠯ ᠨᠢ ᠲᠣᠳᠤᠷᠬᠠᠢ ᠦᠭᠡᠢ ︶ ᠵᠦᠩᠭᠠᠷ ᠤᠨ ᠬᠠᠭᠠᠨ᠃ ᠶᠡᠬᠡ ᠴᠧᠷᠡᠩᠳᠣᠨᠳᠤᠪ ᠤ᠋ᠨ ᠣᠮᠪᠤᠯᠤ ᠬᠥᠪᠡᠭᠦᠨ ᠨᠢ ᠮᠥᠨ᠃ ᠲᠠᠸᠠᠴᠢ ᠨᠢ ᠣᠯᠠᠨ ᠲᠠᠢᠵᠢ ᠵᠠᠢᠰᠠᠩ ᠤᠨ ᠳᠣᠲᠤᠷᠠᠬᠢ ᠪᠠᠢᠷᠢ ᠰᠠᠭᠤᠷᠢ ᠪᠠᠷ ᠥᠨᠳᠦᠷ᠂ ᠨᠥᠯᠦᠭᠡ ᠲᠤᠰᠭᠠᠯ ᠢ᠋ᠶ᠋ᠠᠷ ᠶᠡᠬᠡ ᠠᠮᠤᠷᠰᠠᠨᠠᠭ᠎ᠠ ᠯᠤᠭ᠎ᠠ ᠠᠯᠢ ᠴᠢᠳᠠᠬᠤ ᠪᠠᠷ ᠡᠶᠡᠳᠡᠨ ᠪᠦᠯᠬᠦᠮᠳᠡᠵᠦ ᠯᠠᠮᠠᠳᠠᠷᠵᠠ ᠶ᠋ᠢᠨ ᠨᠣᠶᠠᠷᠬᠠᠯ ᠢ ᠨᠤᠷᠠᠭᠠᠬᠤ ᠪᠠᠷ ᠤᠷᠤᠯᠳᠤᠪᠠ᠃ ᠴᠢᠩ ᠤᠯᠤᠰ ᠤᠨ ᠲᠡᠭᠷᠢ ᠲᠡᠳᠭᠦᠭᠴᠢ ᠶ᠋ᠢᠨ ᠠᠷᠪᠠᠨ ᠵᠢᠷᠭᠤᠳᠤᠭᠠᠷ ᠣᠨ ︵ 1751 ︶ ᠤ ᠶᠢᠰᠦᠳᠦᠭᠡᠷ ᠰᠠᠷ᠎ᠠ ᠳᠤ ᠲᠠᠸᠠᠴᠢ ᠠᠴᠠ ᠠᠮᠤᠷᠰᠠᠨᠠᠭ᠎ᠠ ᠴᠠᠭᠳᠤᠷ᠂ ᠳᠥᠷᠪᠡᠳ ᠦ᠋ᠨ ᠲᠠᠢᠵᠢ ᠳ᠋ᠠᠰᠢ ᠵᠢᠴᠢ ᠲᠡᠭᠦᠨ ᠦ ᠳᠡᠭᠦᠦ ᠬᠣᠱᠤᠳ ᠠᠢᠮᠠᠭ ᠤᠨ ᠲᠠᠢᠵᠢ ᠪᠠᠯᠵᠤᠤᠷ ᠨᠠᠷ ᠢ ᠬᠤᠷᠠᠯᠳᠤᠭᠤᠯᠵᠤ ᠯᠠᠮᠠᠳᠠᠷᠵᠠ ᠶ᠋ᠢ ᠲᠦᠯᠬᠢᠨ ᠤᠨᠠᠭᠠᠵᠤ ᠭᠠᠯᠳᠠᠨᠴᠡᠷᠢᠨ ᠦ᠌ ᠣᠳᠭᠤᠨ ᠬᠥᠪᠡᠭᠦᠨ ᠴᠧᠸᠠᠩᠳᠠᠰᠢ ᠶᠢ ᠬᠠᠭᠠᠨ ᠪᠣᠯᠭᠠᠬᠤ ᠪᠠᠷ ᠬᠤᠤᠪᠢᠯᠳᠤᠵᠠᠢ᠃ ᠳᠥᠷᠪᠡᠳ ᠦ᠋ᠨ ᠲᠠᠢᠵᠢ ᠳ᠋ᠠᠰᠢ ᠡᠨᠡ ᠬᠦ ᠨᠢᠭᠤᠴᠠ ᠶᠢ ᠯᠠᠮᠠᠳᠠᠷᠵᠠ ᠳ᠋ᠤ᠌ ᠮᠡᠳᠡᠭᠦᠯᠦᠭᠰᠡᠨ ᠳᠦ ᠯᠠᠮᠠᠳᠠᠷᠵᠠ ᠲᠡᠭᠦᠨ ᠦ ᠳᠡᠭᠦᠦ ᠶᠢ ᠰᠢᠳᠭᠡᠨ ᠠᠯᠠᠵᠤ ᠡᠰᠡᠷᠡᠭ ᠵᠠᠢᠰᠠᠩ ᠢᠶᠠᠷ ᠴᠡᠷᠢᠭ ᠳᠠᠢᠴᠢᠯᠠᠭᠤᠯᠤᠨ ᠲᠠᠸᠠᠴᠢ ᠪᠣᠯᠤᠨ ᠠᠮᠤᠷᠰᠠᠨᠠᠭ᠎ᠠ ᠶᠢ ᠪᠤᠲᠠᠷᠠᠲᠠᠯ᠎ᠠ ᠴᠣᠬᠢᠭᠤᠯᠪᠠ᠃ ᠡᠭᠦᠨ ᠳᠦ ᠲᠠᠸᠠᠴᠢ᠂ ᠠᠮᠤᠷᠰᠠᠨᠠᠭ᠎ᠠ ᠬᠠᠰᠠᠭ ᠵᠦᠭ ᠵᠢᠭᠤᠳᠠᠨ ᠳᠤᠲᠠᠭᠠᠵᠤ᠂ ᠶᠧᠮᠢᠯ ᠭᠣᠣᠯ ᠤᠨ ᠵᠡᠭᠦᠨ ᠬᠣᠢᠲᠤ ᠲᠠᠯ᠎ᠠ ᠶᠢᠨ ᠴᠠᠭᠠᠨ ᠬᠤᠵᠢᠷ᠂ ᠶᠡᠷᠦᠺᠡ ᠭᠣᠣᠯ ᠤᠨ ᠬᠠᠪᠢ ᠳᠤ ᠬᠦᠷᠦᠭᠡᠳ ᠳᠠᠯᠳᠠᠭᠤᠷ ᠬᠥᠮᠦᠨ ᠲᠣᠮᠢᠯᠠᠨ ᠢᠯᠢ ᠳᠡᠬᠢ ᠯᠠᠮᠠ ᠨᠠᠷ ᠯᠤᠭ᠎ᠠ ᠬᠠᠷᠢᠴᠠᠭ᠎ᠠ ᠬᠣᠯᠪᠤᠭ᠎ᠠ ᠠᠪᠴᠤ ᠯᠠᠮᠠᠳᠠᠷᠵᠠ ᠶ᠋ᠢᠨ ᠪᠡᠶ᠎ᠡ ᠶᠢᠨ ᠬᠢᠨᠢ ᠳᠡᠷᠭᠡᠳᠡ ᠪᠠᠢᠭ᠎ᠠ ᠬᠥᠮᠦᠰ ᠢ᠋ᠶ᠋ᠡᠷ ᠳᠣᠲᠤᠷ᠎ᠠ ᠠ᠋ᠴᠠ ᠨᠢ ᠲᠤᠰᠠᠯᠠᠭᠤᠯᠤᠨ 1500 ᠬᠥᠮᠦᠨ ᠢ᠋ ᠳᠠᠭᠠᠭᠤᠯᠤᠨ ᠢᠯᠢ ᠳᠦ ᠭᠡᠨᠡᠳᠲᠡ ᠴᠥᠮᠦᠷᠡᠨ ᠣᠷᠤᠵᠤ ᠯᠠᠮᠠᠳᠠᠷᠵᠠ ᠶ᠋ᠢ ᠠᠯᠠᠭᠠᠳ ᠠᠮᠤᠷᠰᠠᠨᠠᠭ᠎ᠠ ᠲᠠᠸᠠᠴᠢ ᠶᠢ ᠡᠷᠭᠦᠵᠦ ᠵᠦᠩᠭᠠᠷ ᠤᠨ ᠬᠠᠭᠠᠨ ᠪᠣᠯᠭᠠᠭᠰᠠᠨ ᠶᠤᠮ᠃ ᠲᠠᠸᠠᠴᠢ ᠬᠠᠭᠠᠨ ᠣᠷᠤ ᠶ᠋ᠢ ᠪᠤᠯᠢᠶᠠᠭᠰᠠᠨ ᠤ ᠳᠠᠷᠠᠭ᠎ᠠ ᠠᠮᠤᠷᠰᠠᠨᠠᠭ᠎ᠠ ᠶᠢᠨ ᠲᠡᠭᠦᠨ ᠢ ᠡᠷᠭᠦᠵᠦ ᠬᠠᠭᠠᠨ ᠰᠠᠭᠤᠯᠭᠠᠭᠰᠠᠨ ᠭᠠᠪᠢᠶ᠎ᠠ ᠳᠤᠨᠢ ᠲᠠᠯᠠᠷᠬᠠᠵᠤ ᠲᠠᠷᠪᠠᠭᠠᠲᠠᠢ ᠶᠢᠨ ᠨᠤᠲᠤᠭ ᠢ ᠲᠡᠭᠦᠨ ᠳᠦ ᠰᠣᠶᠤᠷᠬᠠᠨ ᠥᠭᠴᠡᠢ᠃ ᠲᠡᠭᠡᠭᠡᠳ ᠪᠠᠰᠠ ᠥᠩᠭᠡᠷᠡᠭᠰᠡᠨ ᠳ᠋ᠦ᠍ ᠯᠠᠮᠠᠳᠠᠷᠵᠠ ᠯᠤᠭ᠎ᠠ ᠨᠠᠢᠷ ᠲᠠᠢ ᠪᠠᠢᠭᠰᠠᠨ ᠲᠠᠢᠵᠢ᠂ ᠵᠠᠢᠰᠠᠩ ᠨᠠᠷ ᠢ ᠭᠠᠳᠠᠭᠤᠷᠴᠢᠯᠠᠨ ᠴᠣᠬᠢᠯᠲᠠ ᠥᠭᠪᠡ᠃ ᠲᠡᠭᠦᠨ ᠦ ᠡᠲᠡᠭᠡᠷ ᠠᠵᠢᠯᠯᠠᠭ᠎ᠠ ᠨᠢ ᠵᠦᠩᠭᠠᠷ ᠤᠨ ᠲᠠᠢᠵᠢ ᠵᠠᠢᠰᠠᠩ ᠨᠠᠷ ᠤᠨ ᠳᠤᠷ᠎ᠠ ᠦᠭᠡᠢᠴᠡᠯ ᠢ ᠳᠡᠭᠳᠡᠭᠡᠪᠡ᠃ ᠴᠢᠩ ᠤᠯᠤᠰ ᠤᠨ ᠲᠩᠷᠢ ᠲᠡᠳᠭᠦᠭᠴᠢ ᠶ᠋ᠢᠨ ᠠᠷᠪᠠᠨ ᠨᠠᠢ᠍ᠮᠠᠳᠤᠭᠠᠷ ᠣᠨ ︵ 1753︶ ᠤ ᠵᠤᠨ ᠪᠠᠭ᠎ᠠ ᠴᠧᠷᠡᠩᠳᠣᠨᠳᠤᠪ ᠤ᠋ᠨ ᠣᠮᠪᠤᠯᠤ ᠨᠡᠮᠡᠬᠦᠵᠢᠷᠭᠠᠯ ᠳᠥᠷᠪᠡᠳ ᠠᠢᠮᠠᠭ ᠤᠨ ᠳᠡᠮᠵᠢᠯᠭᠡ ᠳᠣᠣᠷ᠎ᠠ 1 ᠲᠦᠮᠡᠨ ᠴᠡᠷᠢᠭ ᠳᠠᠢᠴᠢᠯᠠᠨ ᠢᠯᠢ ᠶᠢ ᠴᠣᠬᠢᠭᠰᠠᠨ ᠳᠤ ᠲᠠᠸᠠᠴᠢ ᠲᠤᠯᠵᠤ ᠳᠡᠢᠯᠬᠦ ᠦᠭᠡᠢ ᠪᠣᠯᠬᠣᠷ ᠬᠠᠭᠤᠴᠢᠨ ᠮᠠᠯᠵᠢᠯ ᠤᠨ ᠨᠤᠲᠤᠭ ᠴᠠᠭᠠᠨ ᠬᠤᠵᠢᠷ ᠵᠦᠭ ᠢᠶᠡᠨ ᠵᠢᠭᠤᠳᠠᠨ ᠳᠤᠲᠠᠭᠠᠵᠤ ᠠᠮᠤᠷᠰᠠᠨᠠᠭ᠎ᠠ ᠯᠤᠭ᠎ᠠ ᠠᠭᠤᠯᠵᠠᠪᠠ᠃ ᠠᠷᠪᠠᠳᠤᠭᠠᠷ ᠰᠠᠷ᠎ᠠ ᠳᠤᠨᠢ ᠠᠮᠤᠷᠰᠠᠨᠠᠭ᠎ᠠ ᠨᠡᠮᠡᠬᠦᠵᠢᠷᠭᠠᠯ ᠢ᠋ ᠮᠡᠬᠡᠯᠡᠨ ᠶᠧᠮᠢᠯ ᠦᠨ ᠡᠮᠦᠨᠡᠲᠦ ᠨᠤᠲᠤᠭ ᠲᠤ ᠠᠪᠠᠴᠢᠵᠤ ᠠᠯᠠᠭᠰᠠᠨ ᠪᠢᠯᠡ᠃ ᠲᠠᠸᠠᠴᠢ 5000 ᠴᠡᠷᠢᠭ ᠳᠠᠢᠴᠢᠯᠠᠨ ᠡᠷᠴᠢᠰ ᠣᠷᠤᠨ ᠵᠦᠭ ᠴᠡᠷᠢᠭᠯᠡᠪᠡ᠃ ᠳᠥᠷᠪᠡᠳ ᠦ᠋ᠨ ᠶᠡᠬᠡ ᠲᠠᠢᠵᠢ ᠴᠧᠷᠠᠩ ᠨᠠᠷ ᠠᠢᠮᠠᠭ ᠤᠨ ᠣᠯᠠᠨ ᠢᠶᠠᠨ ᠳᠠᠭᠠᠭᠤᠯᠵᠤ ᠵᠡᠭᠦᠨᠰᠢ ᠠᠯᠲᠠᠢ ᠨᠢᠷᠤᠭᠤ ᠶᠢ ᠳᠠᠪᠠᠵᠤ ᠴᠢᠩ ᠤᠯᠤᠰ ᠲᠤ ᠣᠷᠤᠵᠤ ᠥᠭᠭᠦᠭᠰᠡᠨ ᠪᠣᠯᠬᠣᠷ ᠲᠠᠸᠠᠴᠢ ᠢᠯᠢ ᠳᠡᠭᠡᠨ ᠪᠤᠴᠠᠵᠠᠢ᠃ ᠠᠮᠤᠷᠰᠠᠨᠠᠭ᠎ᠠ ᠭᠠᠪᠢᠶ᠎ᠠ ᠲᠠᠢ ᠤᠴᠢᠷ ᠠᠴᠠ ᠶᠧᠮᠢᠯ ᠭᠣᠣᠯ ᠤᠨ ᠵᠡᠭᠦᠨ ᠬᠣᠢᠨᠠᠬᠢ ᠶᠡᠷᠦᠭᠡ ᠡᠴᠡ ᠵᠠᠢᠰᠠᠩ ᠨᠠᠭᠤᠷ ᠤᠨ ᠡᠮᠦᠨ᠎ᠡ ᠲᠠᠯ᠎ᠠ ᠶᠢᠨ ᠡᠷᠴᠢᠰ ᠮᠥᠷᠡᠨ ᠦ᠌ ᠰᠠᠪᠠ ᠭᠠᠵᠠᠷ ᠤᠳ ᠨᠢ ᠲᠡᠷᠡ ᠴᠢᠭ ᠢᠶᠡᠷ ᠢᠶᠡᠨ ᠠᠮᠤᠷᠰᠠᠨᠠᠭ᠎ᠠ ᠶᠢᠨ ᠮᠠᠯᠵᠢᠯ ᠤᠨ ᠨᠤᠲᠤᠭ ᠪᠣᠯᠵᠠᠢ᠃ ᠳᠡᠮᠡᠢ ᠤᠳᠠᠯ ᠦᠭᠡᠢ ᠲᠠᠸᠠᠴᠢ ᠡᠳᠦᠷᠵᠢᠨ ᠠᠷᠢᠬᠢᠨ ᠳᠤ ᠰᠣᠭᠲᠤᠭᠤᠷᠠᠵᠤ ᠵᠠᠰᠠᠭ ᠶᠠᠪᠤᠭᠤᠯᠬᠤ ᠴᠢᠳᠠᠪᠤᠷᠢ ᠪᠠᠨ ᠠᠯᠳᠠᠪᠠ᠃ ᠡᠭᠦᠨ ᠳᠦ ᠵᠦᠩᠭᠠᠷ ᠤᠨ ᠨᠤᠲᠤᠭ ᠢ ᠬᠤᠪᠢᠳᠠᠬᠤ ᠭᠡᠵᠦ ᠠᠮᠤᠷᠰᠠᠨᠠᠭ᠎ᠠ ᠳᠤᠷᠠᠳᠤᠯᠭ᠎ᠠ ᠭᠠᠷᠭᠠᠭᠠᠳ ᠥᠯᠦ ᠪᠦᠲᠦᠭᠰᠡᠨ ᠲᠤᠯᠠ ᠴᠡᠷᠢᠭ ᠳᠠᠢᠴᠢᠯᠠᠨ ᠶᠧᠮᠢᠯ ᠭᠣᠣᠯ ᠤᠨ ᠡᠮᠢᠷ ᠣᠲᠤᠭ ᠲᠤ᠌ ᠬᠦᠷᠦᠭᠡᠳ 3000 ᠡᠷᠦᠬᠡ ᠶᠢ ᠤᠤᠯᠭᠠᠯᠠᠨ ᠠᠪᠠᠴᠢᠵᠠᠢ᠃ ᠴᠢᠩ ᠤᠯᠤᠰ ᠤᠨ ᠠᠷᠪᠠᠨ ᠨᠠᠢ᠍ᠮᠠᠳᠤᠭᠠᠷ ᠣᠨ ︵ 1753︶ ᠤ ᠠᠷᠪᠠᠨ ᠨᠢᠭᠡᠳᠦᠭᠡᠷ ᠰᠠᠷ᠎ᠠ ᠠᠴᠠ ᠠᠷᠪᠠᠨ ᠬᠣᠶᠠᠳᠤᠭᠠᠷ ᠰᠠᠷ᠎ᠠ ᠪᠣᠯᠲᠠᠯ᠎ᠠ ᠲᠠᠸᠠᠴᠢ ᠠᠮᠤᠷᠰᠠᠨᠠᠭ᠎ᠠ ᠶᠢ ᠭᠤᠷᠪᠠᠨᠲᠠ ᠳᠠᠢᠯᠠᠪᠠ᠃ ᠠᠮᠤᠷᠰᠠᠨᠠᠭ᠎ᠠ ᠵᠡᠭᠦᠨ ᠭᠠᠷ ᠤᠨ ᠬᠠᠰᠠᠭᠴᠤᠳ ᠤᠨ ᠳᠡᠮᠵᠢᠯᠭᠡ ᠳᠣᠣᠷ᠎ᠠ ᠢᠯᠢ ᠣᠷᠤᠨ ᠳ᠋ᠤ᠌ ᠴᠣᠬᠢᠨ ᠣᠷᠤᠪᠠ᠃ ᠲᠠᠸᠠᠴᠢ ᠲᠤᠯᠵᠤ ᠳᠡᠢᠯᠬᠦ ᠦᠭᠡᠢ ᠲᠤᠯᠠ ᠪᠣᠷᠤ ᠲᠠᠯ᠎ᠠ ᠳᠤ ᠤᠬᠤᠷᠢᠨ ᠣᠴᠢᠪᠠ᠃ ᠡᠢᠨᠬᠦ ᠵᠢᠯ ᠦᠨ ᠬᠢᠨᠢ ᠬᠠᠪᠤᠷ᠂ ᠲᠠᠸᠠᠴᠢ 3 ᠲᠦᠮᠡᠨ ᠴᠡᠷᠢᠭ ᠳᠠᠢᠴᠢᠯᠠᠨ ᠡᠷᠴᠢᠰ ᠮᠥᠷᠡᠨ ᠦ᠌ ᠡᠬᠢ ᠳᠡᠬᠢ ᠮᠠᠯᠵᠢᠯ ᠤᠨ ᠨᠤᠲᠤᠭ ᠲᠤ ᠴᠣᠬᠢᠨ ᠣᠷᠤᠭᠰᠠᠨ ᠳ᠋ᠤ᠌ ᠠᠮᠤᠷᠰᠠᠨᠠᠭ᠎ᠠ ᠪᠤᠷᠵᠠᠭ ᠤᠨ ᠬᠠᠪᠢ ᠳᠤ ᠤᠬᠤᠷᠢᠨ ᠣᠴᠢᠵᠠᠢ᠃ ᠡᠨᠡ ᠭᠠᠵᠠᠷ ᠲᠤ ᠠᠮᠤᠷᠰᠠᠨᠠᠭ᠎ᠠ ᠴᠢᠩ ᠤᠯᠤᠰ ᠤᠨ ᠴᠡᠷᠢᠭ ᠦᠨ ᠬᠦᠴᠦ ᠶᠢ ᠵᠢᠭᠡᠯᠡᠵᠦ ᠳᠠᠸᠠᠴᠢ ᠶᠢ ᠰᠥᠨᠦᠭᠡᠬᠦ ᠠᠷᠭ᠎ᠠ ᠪᠣᠳᠤᠯᠭ᠎ᠠ ᠪᠠᠨ ᠲᠣᠭᠲᠠᠭᠠᠪᠠ᠃ ᠳᠣᠯᠤᠳᠤᠭᠠᠷ ᠰᠠᠷ᠎ᠠ ᠶᠢᠨ ᠨᠠᠢ᠍ᠮᠠᠨ ᠤ ᠡᠳᠦᠷ ᠠᠮᠤᠷᠰᠠᠨᠠᠭ᠎ᠠ 2 ᠲᠦᠮᠡ ᠭᠠᠷᠤᠶ ᠬᠥᠮᠦᠨ ᠢ᠋ᠶ᠋ᠡᠨ ᠳᠠᠭᠠᠭᠤᠯᠵᠤ ᠴᠢᠩ ᠤᠯᠤᠰ ᠲᠤ ᠪᠠᠭᠤᠨ ᠥᠭᠴᠡᠢ᠃ ᠴᠢᠩ ᠤᠯᠤᠰ ᠤᠨ ᠲᠩᠷᠢ ᠲᠡᠳᠭᠦᠭᠴᠢ ᠶ᠋ᠢᠨ ᠬᠣᠷᠢᠳᠤᠭᠠᠷ ᠣᠨ ︵ 1755︶ ᠤ ᠴᠠᠭᠠᠨ ᠰᠠᠷ᠎ᠠ ᠳᠤ ᠴᠢᠩ ᠤᠯᠤᠰ ᠤᠨ ᠴᠡᠷᠢᠭ ᠵᠠᠮ ᠬᠤᠪᠢᠶᠠᠨ ᠵᠦᠩᠭᠠᠷ ᠬᠠᠭᠠᠨᠲᠤ ᠤᠯᠤᠰ ᠵᠦᠭ ᠴᠡᠷᠢᠭᠯᠡᠵᠡᠢ᠃ ᠠᠮᠤᠷᠰᠠᠨᠠᠭ᠎ᠠ ᠠᠷᠤ ᠵᠠᠮ ᠤᠨ ᠬᠢᠯᠢ ᠶᠢ ᠲᠣᠭᠲᠠᠭᠠᠬᠤ ᠴᠡᠷᠢᠭ ᠦᠨ ᠲᠤᠰᠠᠯᠠᠭᠴᠢ ᠵᠠᠩᠵᠤᠨ ᠪᠣᠯᠵᠤ ᠤᠯᠢᠶᠠᠰᠤᠲᠠᠢ ᠠᠴᠠ ᠴᠡᠷᠢᠭ ᠣᠷᠤᠪᠠ᠃ ᠵᠦᠩᠭᠠᠷ ᠤᠨ ᠣᠯᠠᠨ ᠣᠲᠤᠭ ᠴᠢᠮᠡᠭᠡ ᠶᠢ ᠨᠢ ᠰᠣᠨᠤᠰᠤᠩᠭᠤᠲᠠ ᠪᠤᠯᠲᠤ ᠪᠠᠷ ᠢᠶᠠᠨ ᠪᠠᠭᠤᠨ ᠥᠭᠴᠡᠢ᠃ ᠲᠠᠸᠠᠴᠢ ᠣᠭᠲᠤᠬᠠᠨ ᠴᠤ ᠪᠡᠯᠡᠳᠭᠡᠯ ᠦᠭᠡᠢ ᠪᠠᠢᠭᠰᠠᠨ ᠲᠤᠯᠠ ᠣᠯᠠᠨ ᠣᠲᠤᠭ ᠠ᠋ᠴᠠ ᠴᠡᠷᠢᠭ ᠲᠠᠲᠠᠬᠤ ᠭᠡᠰᠡᠨ ᠪᠣᠯᠪᠠᠴᠤ ᠪᠦᠷ ᠴᠦ ᠬᠣᠵᠢᠮᠳᠠᠵᠠᠢ᠃ ᠴᠢᠩ ᠤᠯᠤᠰ ᠤᠨ ᠴᠡᠷᠢᠭ ᠪᠣᠷᠤ ᠲᠠᠯ᠎ᠠ ᠳᠤ ᠨᠡᠢᠯᠡᠭᠰᠡᠨ ᠦ ᠳᠠᠷᠠᠭ᠎ᠠ ᠬᠣᠶᠠᠷ ᠵᠠᠮ ᠢᠶᠠᠷ ᠢᠯᠢ ᠶᠢ ᠴᠣᠬᠢᠪᠠ᠃ ᠠᠮᠤᠷᠰᠠᠨᠠᠭ᠎ᠠ ᠤᠷᠢᠳ ᠢᠶᠠᠷ ᠢᠯᠢ ᠳᠦ ᠴᠣᠬᠢᠨ ᠣᠷᠤᠵᠤ ᠣᠯᠠᠨ ᠣᠲᠤᠭ ᠤ᠋ᠨ ᠲᠠᠢᠵᠢ᠂ ᠵᠠᠢᠰᠠᠩ᠂ ᠯᠠᠮᠠ ᠨᠠᠷ ᠢ ᠢᠯᠪᠢᠨ ᠳᠠᠭᠠᠭᠤᠯᠵᠠᠢ᠃ ᠲᠠᠸᠠᠴᠢ ᠲᠦᠮᠡ ᠭᠠᠷᠤᠶ ᠴᠡᠷᠢᠭ ᠢᠶᠡᠨ ᠳᠠᠭᠠᠭᠤᠯᠤᠨ ᠢᠯᠢ ᠶᠢᠨ ᠪᠠᠷᠠᠭᠤᠨ ᠡᠮᠦᠨᠡᠬᠢ ᠬᠠᠲᠤᠨ ᠠᠭᠤᠯᠠ ᠳᠤ ᠣᠷᠤᠵᠤ ᠰᠠᠬᠢᠨ ᠰᠠᠭᠤᠪᠠ᠃ ᠠᠮᠤᠷᠰᠠᠨᠠᠭ᠎ᠠ ᠦᠱ᠌ᠢ ᠬᠣᠲᠠᠨ ᠤ ᠬᠣᠵᠢᠰ ᠲᠤ ᠪᠦᠭᠭᠦᠯᠲᠡ ᠬᠢᠵᠦ ᠲᠠᠸᠠᠴᠢ ᠡᠴᠢᠭᠡ ᠬᠥᠪᠡᠭᠦᠨ ᠵᠡᠷᠭᠡ 70 ᠭᠠᠷᠤᠶ ᠬᠥᠮᠦᠨ ᠢ᠋ ᠪᠠᠷᠢᠪᠴᠢᠯᠠᠵᠤ ᠲᠠᠸᠠᠴᠢ ᠶᠢ ᠪᠡᠭᠡᠵᠢᠩ ᠳᠦ ᠬᠦᠷᠭᠡᠭᠰᠡᠨ ᠪᠠᠢᠵᠠᠢ᠃