ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳ᠋ᠠᠰᠢᠨᠠᠮᠵᠢᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳ᠋ᠠᠰᠢᠨᠠᠮᠵᠢᠯ ︵ 1928~ ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦᠨ ᠪᠠᠢᠯᠳᠤᠭᠠᠨ ᠤ ᠪᠠᠭᠠᠲᠤᠷ᠃ ᠥᠪᠦᠷ ᠮᠣᠩᠭᠤᠯ ᠤ᠋ᠨ ᠰᠢᠯᠤᠭᠤᠨ ᠬᠥᠬᠡ ᠬᠣᠰᠢᠭᠤᠨ ᠳᠤ ᠨᠤᠲᠤᠭ ᠲᠠᠢ᠃ ᠮᠣᠩᠭᠤᠯ ᠦᠨᠳᠦᠰᠦᠲᠡᠨ᠃ 1946 ᠣᠨ ᠤ 9 ᠰᠠᠷ᠎ᠠ ᠳᠤ ᠴᠡᠷᠢᠭ ᠲᠦ ᠣᠷᠤᠵᠠᠢ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠃ 1948 ᠣᠨ ᠤ 11 ᠰᠠᠷ᠎ᠠ ᠶᠢᠨ 25 ᠤ ᠡᠳᠦᠷ ᠭᠣᠮᠢᠨᠳᠠᠩ ᠤᠨ ᠴᠡᠷᠢᠭ ᠦᠨ ᠲᠦᠷ ᠴᠠᠭ ᠤᠨ 4  ᠳᠦᠭᠡᠷ ᠠᠷᠮᠢ ᠶᠢᠨ 11  ᠳᠦᠭᠡᠷ ᠳ᠋ᠢᠸᠢᠽᠢ ᠶᠢᠨ ᠫᠤᠤᠲᠤ ᠴᠡᠷᠢᠭ ᠦᠨ ᠪᠠᠲ᠋ᠯᠢᠶᠣᠨ ᠤ 200 ᠭᠠᠷᠤᠶ ᠬᠥᠮᠦᠨ ᠾᠧᠦ ᠶᠢᠩ ᠪᠠ ᠵᠦᠭ ᠵᠢᠭᠤᠳᠠᠨ ᠳᠤᠲᠠᠭᠠᠭᠰᠠᠨ ᠳᠤ᠂ ᠥᠪᠦᠷ ᠮᠣᠩᠭᠤᠯ ᠤ᠋ᠨ ᠮᠣᠷᠢᠲᠤ ᠴᠡᠷᠢᠭ ᠦᠨ 4  ᠳᠦᠭᠡᠷ ᠳ᠋ᠢᠸᠢᠽᠢ ᠲᠤᠰ ᠪᠦᠯᠦᠭ ᠳᠠᠢᠰᠤᠨ ᠢ ᠨᠡᠬᠡᠮᠵᠢᠯᠡᠨ ᠰᠥᠨᠦᠭᠡᠪᠡ᠃ ᠳ᠋ᠠᠰᠢᠨᠠᠮᠵᠢᠯ ᠤᠨ ᠰᠤᠮᠤᠨ ᠠᠩᠭᠢ ᠨᠢ ᠳᠠᠢᠰᠤᠨ ᠢ ᠨᠡᠬᠡᠮᠵᠢᠯᠡᠨ ᠡᠯ ᠲᠡᠢ ᠼᠦᠨ ᠲᠣᠰᠭᠤᠨ ᠬᠥᠷᠬᠦ ᠳ᠋ᠦ᠍ ᠳᠠᠢᠰᠤᠨ ᠨᠤᠭᠤᠳ ᠲᠣᠰᠭᠤᠨ ᠤ ᠠᠷᠠᠳ ᠤᠨ ᠮᠣᠷᠢ ᠯᠠᠭᠤᠰᠠ ᠶᠢ ᠪᠤᠯᠢᠶᠠᠵᠤ ᠲᠠᠪᠢᠴᠢ ᠵᠦᠭ ᠵᠢᠭᠤᠳᠠᠨ ᠳᠤᠲᠠᠭᠠᠪᠠ᠃ ᠲᠡᠭᠦᠨ ᠦ ᠰᠤᠮᠤᠨ ᠠᠩᠭᠢ ᠨᠢ ᠬᠣᠰᠢᠭᠤᠴᠢ ᠠᠩᠭᠢ ᠶᠢ ᠵᠣᠬᠢᠶᠠᠨ ᠪᠠᠢᠭᠤᠯᠤᠨ ᠳᠠᠢᠰᠤᠨ ᠢ ᠲᠦᠷᠭᠡᠨ ᠨᠡᠬᠡᠮᠵᠢᠯᠡᠵᠦ ᠲᠢᠶᠧ ᠯᠤᠤ ᠪᠠ ᠲᠣᠰᠭᠤᠨ ᠳᠤ ᠳᠠᠢᠰᠤᠨ ᠯᠤᠭ᠎ᠠ ᠲᠤᠯᠤᠯᠳᠤᠪᠠ᠃ ᠳᠠᠢᠰᠤᠨ ᠵᠢᠭᠰᠠᠭᠠᠯ ᠤᠨ ᠭᠠᠵᠠᠷ ᠢ ᠡᠵᠡᠯᠡᠵᠦ 8 ᠬᠥᠩᠭᠡᠨ ᠫᠦᠯᠧᠮᠶᠣᠲ ᠢᠶᠠᠨ ᠨᠢᠭᠡ ᠱᠤᠭᠤᠮ ᠢᠶᠠᠷ ᠵᠡᠷᠭᠡᠴᠡᠭᠦᠯᠦᠨ ᠵᠢᠭᠰᠠᠭᠠᠵᠤ ᠭᠠᠯ ᠤᠨ ᠬᠦᠴᠦ ᠪᠡᠨ ᠲᠥᠪᠯᠡᠷᠡᠭᠦᠯᠦᠨ ᠬᠣᠰᠢᠭᠤᠴᠢ ᠴᠡᠷᠢᠭ ᠢ ᠬᠣᠷᠢᠭᠯᠠᠨ ᠴᠣᠬᠢᠪᠠ᠃ ᠬᠣᠶᠠᠳᠤᠭᠠᠷ ᠰᠠᠯᠠᠭ᠎ᠠ ᠶᠢᠨ ᠰᠠᠯᠠᠭᠠᠨ ᠳᠠᠷᠤᠭ᠎ᠠ ᠳ᠋ᠠᠰᠢᠨᠠᠮᠵᠢᠯ ᠭᠡᠳᠡᠰᠬᠢᠨ ᠪᠣᠰᠴᠤ ᠠᠭᠲᠠ ᠬᠦᠯᠦᠭ ᠲᠡᠭᠡᠨ ᠠᠯᠠᠪᠬᠢᠨ ᠮᠣᠷᠳᠠᠵᠤ᠂ ᠰᠤᠮᠤᠨ ᠪᠣᠷᠤᠭᠠᠨ ᠤ᠋ ᠳᠤᠮᠳᠠᠭᠤᠷ ᠰᠢᠷᠭᠤᠯᠠᠨ ᠳᠣᠪᠲᠤᠯᠵᠤ᠂ ᠭᠠᠭᠴᠠ ᠪᠡᠶ᠎ᠡ ᠪᠡᠷ ᠳᠠᠢᠰᠤᠨ ᠤ ᠫᠦᠯᠧᠮᠶᠣᠲ ᠤᠨ ᠵᠢᠭᠰᠠᠭᠠᠯ ᠤᠨ ᠭᠠᠵᠠᠷ ᠤᠨ ᠵᠢᠭᠦᠷ ᠲᠠᠯ᠎ᠠ ᠳᠤ ᠳᠣᠪᠲᠤᠯᠤᠨ ᠬᠦᠷᠦᠭᠡᠳ ᠰᠡᠯᠡᠮ᠎ᠡ ᠳᠠᠯᠠᠢᠵᠤ ᠰᠦᠷᠭᠡᠦ ᠳᠠᠢᠰᠤᠨ ᠢ ᠠᠯᠠᠨ ᠴᠠᠪᠴᠢᠭᠰᠠᠨ ᠳᠤ ᠳᠠᠢᠰᠤᠨ ᠨᠤᠭᠤᠳ ᠲᠤᠢᠯ ᠢᠶᠠᠷ ᠮᠡᠩᠳᠡᠭᠦᠷᠡᠵᠦ ᠵᠦᠭ ᠴᠢᠭ ᠢᠶᠡᠨ ᠠᠯᠳᠠᠵᠤ᠂ ᠫᠦᠯᠧᠮᠶᠣᠲ ᠤᠨ ᠭᠠᠯ ᠤᠨᠲᠠᠷᠠᠭᠰᠠᠨ ᠲᠤᠯᠠ ᠳ᠋ᠠᠰᠢᠨᠠᠮᠵᠢᠯ ᠪᠦᠬᠦ ᠰᠤᠮᠤᠨ ᠠᠩᠭᠢ ᠶᠢᠨ ᠳᠣᠪᠲᠤᠯᠤᠯᠲᠠ ᠪᠠ ᠳᠠᠢᠰᠤᠨ ᠢ ᠪᠦᠷᠢᠮᠦᠰᠦᠨ ᠰᠥᠨᠦᠭᠡᠬᠦ ᠳ᠋ᠦ᠍ ᠳᠣᠪᠤᠢᠮ᠎ᠠ ᠬᠤᠪᠢ ᠨᠡᠮᠡᠷᠢ ᠦᠵᠡᠭᠦᠯᠦᠭᠰᠡᠨ ᠶᠤᠮ᠃ 1949 ᠣᠨ ᠤ 9 ᠰᠠᠷ᠎ᠠ ᠳᠤ ᠳ᠋ᠠᠰᠢᠨᠠᠮᠵᠢᠯ ᠲᠤᠰ ᠳ᠋ᠢᠸᠢᠽᠢ ᠶᠢᠨ ᠪᠠᠭᠠᠲᠤᠷ ᠵᠢᠱ᠌ᠢᠶᠡᠴᠢᠳ ᠦ᠋ᠨ ᠶᠡᠬᠡ ᠬᠤᠷᠠᠯ ᠳᠤ ᠣᠷᠤᠯᠴᠠᠵᠤ ᠪᠠᠢᠯᠳᠤᠭᠠᠨ ᠤ ᠪᠠᠭᠠᠲᠤᠷ ᠤᠨ ᠴᠣᠯᠠ ᠣᠯᠵᠠᠢ᠃