ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠦᠮᠡᠨ ᠵᠠᠰᠠᠭᠲᠤ ᠬᠠᠭᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠦᠮᠡᠨ ᠵᠠᠰᠠᠭᠲᠤ ᠬᠠᠭᠠᠨ ︵ l539~1593︶ ᠲᠡᠷᠡᠢᠰᠦᠨ ᠬᠦᠳᠡᠩ ᠬᠠᠭᠠᠨ ᠤ ᠬᠥᠪᠡᠭᠦᠨ᠂ ᠲᠦᠮᠡᠨ ᠵᠠᠰᠠᠭᠲᠤ ᠬᠠᠭᠠᠨ ᠤ ᠠᠩᠬ᠎ᠠ ᠣᠨ ︵ 1558︶ ᠳᠤ ᠬᠠᠭᠠᠨ ᠰᠠᠭᠤᠷᠢᠨ ᠢ ᠵᠠᠯᠭᠠᠮᠵᠢᠯᠠᠵᠠᠢ᠃ ᠳᠠᠶᠤᠨ ᠬᠠᠭᠠᠨ ᠤ ᠬᠣᠢᠴᠢᠰ ᠤᠨ ᠳᠣᠲᠤᠷ᠎ᠠ ᠲᠦᠮᠡᠨ ᠵᠠᠰᠠᠭᠲᠤ ᠬᠠᠭᠠᠨ ᠤ ᠰᠠᠭᠤᠷᠢᠨ᠎ᠠ ᠰᠠᠭᠤᠭᠰᠠᠨ ᠴᠠᠭ ᠨᠢ ᠬᠠᠮᠤᠭ ᠠᠴᠠ ᠤᠷᠲᠤ᠂ ᠲᠥᠷᠦ ᠶᠢᠨ ᠵᠢᠳᠭᠦᠯ ᠢ᠋ᠶ᠋ᠡᠷ ᠨᠡᠷ᠎ᠡ ᠠᠯᠳᠠᠷᠰᠢᠭᠰᠠᠨ ᠪᠢᠯᠡ᠃ ᠮᠣᠩᠭᠤᠯᠴᠤᠳ ᠢᠶᠠᠨ ᠮᠠᠨᠳᠤᠭᠤᠯᠤᠨ ᠦᠨᠳᠦᠰᠦᠲᠡᠨ ᠦ ᠪᠦᠬᠦᠯᠢ ᠠᠰᠢᠭ ᠲᠤᠰᠠ ᠶᠢ ᠬᠠᠮᠠᠭᠠᠯᠠᠬᠤ ᠶᠢᠨ ᠲᠥᠯᠦᠭᠡ ᠲᠦᠮᠡᠨ ᠵᠠᠰᠠᠭᠲᠤ ᠬᠠᠭᠠᠨ ᠵᠡᠭᠦᠨ ᠪᠠᠷᠠᠭᠤᠨ ᠵᠢᠭᠦᠷ ᠦᠨ ᠡᠯ᠎ᠡ ᠲᠦᠮᠡᠲᠦ ᠶᠢᠨ ᠨᠣᠶᠠᠳ ᠯᠤᠭ᠎ᠠ ᠪᠦᠯᠬᠦᠮᠳᠡᠨ᠂ ᠪᠡᠶ᠎ᠡ ᠪᠡᠶᠡᠰ ᠦᠨ ᠬᠣᠭᠤᠷᠤᠨᠳᠤᠬᠢ ᠳᠤᠷ᠎ᠠ ᠦᠭᠡᠢᠴᠡᠯ ᠪᠠ ᠡᠰᠡᠷᠭᠦᠴᠡᠯᠳᠦᠬᠦ ᠪᠠᠢᠳᠠᠯ ᠢ ᠠᠷᠢᠯᠭᠠᠨ ᠵᠥᠷᠢᠴᠡᠯ ᠮᠥᠷᠭᠦᠯᠳᠦᠭᠡᠨ ᠢ ᠨᠠᠮᠬᠠᠷᠠᠭᠤᠯᠵᠤ᠂ ᠵᠠᠳᠠᠷᠠᠯ ᠬᠠᠭᠠᠴᠠᠯ ᠠᠴᠠ ᠵᠠᠢᠯᠠᠰᠭᠢᠬᠤ ᠲᠥᠷᠦ ᠶᠢᠨ ᠪᠣᠳᠤᠯᠭ᠎ᠠ ᠶ᠋ᠢ ᠠᠪᠴᠤ ᠬᠠᠭᠠᠨ ᠡᠷᠬᠡ  ᠪᠡᠨ ᠴᠢᠩᠭᠠᠳᠭᠠᠭᠰᠠᠨ ᠶᠤᠮ᠃ ᠴᠠᠬᠠᠷ ᠤᠨ ᠲᠦᠮᠡᠲᠦ ᠶᠢᠨ ᠨᠣᠶᠠᠨ ᠠᠮᠤᠲᠠᠢ ᠬᠣᠩ ᠲᠠᠢᠵᠢ᠂ ᠬᠠᠯᠬ᠎ᠠ ᠶᠢᠨ ᠲᠦᠮᠡᠲᠦ ᠶᠢᠨ ᠨᠣᠶᠠᠨ ᠣᠢᠵᠢᠩ ᠰᠣᠪᠤᠬᠠᠢ᠂ ᠣᠷᠳᠤᠰ ᠤ᠋ᠨ ᠬᠤᠲᠤᠭᠲᠤ ᠰᠡᠴᠡᠨ ᠬᠣᠩ ᠲᠠᠢᠵᠢ᠂ ᠲᠦᠮᠡᠳ ᠦᠨ ᠲᠦᠮᠡᠲᠦ ᠶᠢᠨ ᠨᠣᠶᠠᠨ ᠴᠦᠷᠥᠭᠡ ᠬᠣᠩ ᠲᠠᠢᠵᠢ᠂ ᠶᠦᠩᠰᠢᠶᠡᠪᠦᠦ ᠶᠢᠨ ᠲᠦᠮᠡᠲᠦ ᠶᠢᠨ ᠨᠣᠶᠠᠨ ᠨᠣᠮᠠᠨᠳᠠᠷ᠎ᠠ ᠭᠣᠣᠯᠴᠢ ᠵᠡᠷᠭᠡ ᠡᠷᠬᠡ ᠰᠦᠷᠲᠡᠨ ᠬᠥᠮᠦᠰ ᠢ᠋ ᠲᠦᠮᠡᠨ ᠵᠠᠰᠠᠭᠲᠤ ᠬᠠᠭᠠᠨ ᠴᠢᠬᠤᠯᠠᠴᠢᠯᠠᠨ ᠬᠡᠷᠡᠭᠯᠡᠵᠦ ᠬᠠᠭᠠᠨ ᠲᠥᠷᠦ ᠶᠢᠨ ᠴᠢᠬᠤᠯᠠ ᠲᠤᠰᠢᠶᠠᠯ ᠳᠤ ᠲᠣᠮᠢᠯᠠᠨ ᠶᠡᠬᠡ ᠬᠠᠭᠠᠨ ᠳᠤ ᠲᠤᠰᠠᠯᠠᠭᠤᠯᠤᠨ ᠲᠥᠷᠦ ᠭᠦᠷᠦᠨ ᠤ ᠬᠦᠨᠳᠦ ᠴᠢᠬᠤᠯᠠ ᠦᠢᠯᠡ ᠬᠡᠷᠡᠭ ᠢ ᠰᠢᠢᠳᠪᠦᠷᠢᠯᠡᠭᠦᠯᠦᠭᠰᠡᠨ ᠪᠣᠯᠬᠣᠷ ᠳᠡᠯᠡᠬᠡᠢ ᠳ᠋ᠠᠬᠢᠨ ᠤ ᠬᠥᠮᠦᠰ ᠲᠦᠮᠡᠨ ᠬᠠᠭᠠᠨ ᠢ ᠵᠠᠰᠠᠭᠲᠤ ᠬᠠᠭᠠᠨ ᠬᠡᠮᠡᠨ ᠳᠠᠭᠤᠳᠠᠵᠤ ᠲᠥᠷᠦ ᠭᠦᠷᠦᠨ ᠨᠢ ᠲᠦᠪᠰᠢᠨ ᠠᠮᠤᠭᠤᠯᠠᠩ ᠪᠣᠯᠵᠠᠢ᠃ ᠲᠦᠮᠡᠨ ᠵᠠᠰᠠᠭᠲᠤ ᠬᠠᠭᠠᠨ ᠤᠯᠤᠰ ᠲᠥᠷᠦ ᠶᠢᠨ ᠲᠠᠯ᠎ᠠ ᠪᠠᠷ ᠥᠭᠡᠷᠡᠴᠢᠯᠡᠯᠲᠡ ᠰᠢᠨᠡᠴᠢᠯᠡᠯᠲᠡ ᠬᠢᠭᠰᠡᠨ ᠢᠶᠡᠷ ᠥᠯᠦ ᠪᠠᠷᠠᠨ ᠡᠳ᠋ ᠦᠨ ᠵᠠᠰᠠᠭ ᠭᠠᠢᠯᠢ ᠭᠤᠪᠴᠢᠭᠤᠷ ᠤᠨ ᠲᠠᠯ᠎ᠠ ᠪᠠᠷ ᠮᠥᠨ ᠥᠭᠡᠷᠡᠴᠢᠯᠡᠯᠲᠡ ᠬᠢᠵᠦ᠂ ᠲᠡᠭᠦᠨ ᠳᠦ ᠡᠶᠡᠯᠳᠡᠨ ᠳᠠᠭᠠᠭᠰᠠᠨ ᠵᠦᠷᠴᠢᠳ᠂ ᠡᠯᠢᠭᠦᠳ᠂ ᠲᠠᠩᠬᠤᠷ ᠭᠤᠷᠪᠠᠨ ᠠᠢᠮᠠᠭ ᠠᠴᠠ ᠪᠠᠰᠠ ᠠᠯᠪᠠ ᠭᠤᠪᠴᠢᠭᠤᠷ ᠲᠠᠲᠠᠪᠤᠷᠢᠯᠠᠬᠤ ᠪᠣᠯᠵᠠᠢ᠃ ᠲᠦᠮᠡᠨ ᠵᠠᠰᠠᠭᠲᠤ ᠬᠠᠭᠠᠨ ᠤ ᠦᠶ᠎ᠡ ᠳᠦ ᠵᠡᠭᠦᠨ ᠭᠠᠷᠤᠨ ᠣᠯᠠᠨ ᠠᠢᠮᠠᠭ ᠤᠨ ᠬᠢᠨ ᠯᠢᠶᠣᠣᠳᠦ᠋ᠩ ᠦᠨ ᠬᠢᠯᠢ ᠳᠠᠭᠠᠤ ᠣᠷᠤᠨ ᠳ᠋ᠤ᠌ ᠮᠢᠩ ᠤᠯᠤᠰ ᠯᠤᠭ᠎ᠠ ᠠᠷᠠᠯᠵᠢᠶ᠎ᠠ ᠮᠠᠢᠮᠠᠢ ᠬᠢᠬᠦ ᠵᠠᠬ᠎ᠠ ᠳᠡᠯᠭᠡᠭᠦᠷ ᠭᠠᠷᠭᠠᠬᠤ ᠶᠢ ᠣᠯᠠᠨᠲᠠ ᠱᠠᠭᠠᠷᠳᠠᠭᠰᠠᠨ ᠪᠣᠯᠪᠠᠴᠤ᠂ ᠮᠢᠩ ᠤᠯᠤᠰ ᠤᠨ ᠬᠢᠨ ᠥᠯᠦ ᠵᠥᠪᠰᠢᠶᠡᠷᠡᠭᠰᠡᠨ ᠲᠤᠯᠠ ᠵᠡᠭᠦᠨ ᠭᠠᠷᠤᠨ ᠮᠣᠩᠭᠤᠯᠴᠤᠳ ᠮᠢᠩ ᠤᠯᠤᠰ ᠤᠨ ᠯᠢᠶᠣᠣᠳᠦ᠋ᠩ ᠳᠦ ᠰᠠᠭᠤᠭ᠎ᠠ ᠴᠡᠷᠢᠭ  ᠯᠦᠭᠡ ᠣᠯᠠᠨ ᠤᠳᠠᠭ᠎ᠠ ᠳᠠᠢᠲᠤᠭᠰᠠᠨ ᠶᠤᠮ᠃ ᠲᠦᠮᠡᠨ ᠵᠠᠰᠠᠭᠲᠤ ᠬᠠᠭᠠᠨ ᠰᠠᠭᠤᠷᠢᠨ᠎ᠠ 35 ᠣᠨ ᠰᠠᠭᠤᠵᠠᠢ᠃