ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠣᠳᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠣᠳᠤ ︵ 1314——1355︶ ᠶᠤᠸᠠᠨ ᠤᠯᠤᠰ ᠤᠨ ᠤᠬᠠᠭᠠᠨᠲᠤ ᠬᠠᠭᠠᠨ ᠤ ᠦᠶ᠎ᠡ ᠶᠢᠨ ᠲᠥᠪᠯᠡᠨ ᠵᠠᠰᠠᠬᠤ ᠶᠠᠮᠤᠨ ᠤ ᠪᠠᠷᠠᠭᠤᠨ ᠭᠠᠷᠤᠨ ᠴᠢᠩᠰᠠᠩ᠂ ᠮᠡᠷᠭᠢᠳ ᠣᠪᠤᠭᠲᠠᠨ᠂ ᠪᠢᠴᠢᠭ ᠦᠨ ᠨᠡᠷ᠎ᠡ ᠨᠢ ᠳ᠋ᠡ ᠶᠦᠩ ᠭᠡᠳᠡᠭ᠃ ᠪᠠᠯᠴᠢᠷ ᠪᠠᠭ᠎ᠠ ᠨᠠᠰᠤᠨ ᠳᠤᠨᠢ ᠲᠡᠭᠦᠨ ᠦ ᠶᠡᠬᠡ ᠠᠪᠠᠭ᠎ᠠ ᠲᠥᠪᠯᠡᠨ ᠵᠠᠰᠠᠬᠤ ᠶᠠᠮᠤᠨ ᠤ ᠪᠠᠷᠠᠭᠤᠨ ᠭᠠᠷᠤᠨ ᠴᠢᠩᠰᠠᠩ ᠪᠠᠶᠠᠨ ᠲᠡᠵᠢᠭᠡᠨ ᠥᠰᠭᠡᠵᠡᠢ᠃ ᠬᠣᠵᠢᠮ ᠨᠢ ᠮᠡᠷᠭᠢᠳ ᠦᠨ ᠴᠢᠭᠤᠯᠭᠠᠨ ᠤ ᠶᠡᠬᠡ ᠤᠳᠭᠠᠴᠢ ᠡᠦ ᡁᠢ ᠹᠠᠩ ᠠᠴᠠ ᠡᠷᠳᠡᠮ ᠰᠤᠷᠴᠠᠢ᠃ ᠲᠣᠳᠤ ᠠᠨᠤ ᠬᠥᠮᠦᠨ ᠡᠴᠡ ᠬᠡᠲᠦᠢᠳᠦᠭᠰᠡᠨ ᠬᠦᠴᠦ ᠴᠢᠳᠠᠯ ᠲᠠᠢ ᠬᠦᠴᠦᠲᠦ ᠨᠤᠮᠤ ᠶᠢ ᠬᠤᠭᠤᠷᠠᠲᠠᠯ᠎ᠠ ᠲᠠᠲᠠᠳᠠᠭ ᠶᠤᠮ᠃ ᠲᠠᠢᠳᠢᠩ ᠤᠨ ᠲᠠᠪᠤᠳᠤᠭᠠᠷ ᠣᠨ ︵1328︶ ᠳᠤ ᠬᠠᠭᠠᠨ ᠤ ᠲᠠᠢᠽᠢ ᠶᠢ ᠬᠠᠮᠠᠭᠠᠯᠠᠬᠤ ᠬᠡᠰᠢᠭᠲᠡᠨ ᠴᠡᠷᠢᠭ ᠦᠨ ᠨᠣᠶᠠᠨ ᠪᠣᠯᠪᠠ᠃ ᠲᠤᠰ ᠵᠢᠯ ᠳᠦ ᠵᠠᠶᠠᠭᠠᠲᠤ ᠬᠠᠭᠠᠨ ᠰᠠᠭᠤᠷᠢᠨ᠎ᠠ ᠰᠠᠭᠤᠭᠰᠠᠨ ᠳᠤ ᠡᠷᠭᠦᠭᠰᠡᠳ ᠦᠨ ᠵᠤᠷᠭᠠᠨ ᠤ ᠳᠠᠷᠤᠭᠠᠴᠢ ᠨᠣᠶᠠᠨ ᠪᠣᠯᠵᠠᠢ᠃ ᡁᠢ ᠱᠦᠨ ᠦ᠌ ᠬᠣᠶᠠᠳᠤᠭᠠᠷ ᠣᠨ ︵ 1331 ︶ ᠳᠤ ᠲᠣᠷᠭᠠᠨ ᠴᠡᠷᠢᠭ ᠦᠨ ᠳᠣᠬᠢᠭᠴᠢ ᠲᠦᠰᠢᠮᠡᠯ ᠪᠣᠯᠪᠠ᠃ ᠶᠤᠸᠠᠨ ᠲᠦᠩ ᠦᠨ ᠬᠣᠶᠠᠳᠤᠭᠠᠷ ᠣᠨ ︵ 1334︶ ᠳᠤ ᠲᠥᠪᠯᠡᠨ ᠵᠠᠰᠠᠬᠤ ᠶᠠᠮᠤᠨ ᠤ ᠵᠡᠭᠦᠨ ᠭᠠᠷᠤᠨ ᠴᠢᠩᠰᠠᠩ ᠲᠠᠩ ᠴᠢ ᠱᠢ ᠤᠷᠪᠠᠯᠭᠠᠨ ᠭᠠᠷᠭᠠᠭᠠᠳ ᠠᠯᠠᠭᠳᠠᠭᠰᠠᠨ ᠳᠤ ᠲᠣᠳᠤ ᠠᠨᠤ ᠲᠡᠭᠦᠨ ᠦ ᠨᠠᠮ ᠪᠦᠯᠦᠭᠲᠡᠨ ᠳ᠋ᠠᠢ ᠶ᠋ᠢᠨ ᠤᠷᠪᠠᠯᠭᠠᠨ ᠢ ᠲᠦᠪᠰᠢᠳᠭᠡᠵᠡᠢ᠃ ᠲᠡᠭᠡᠭᠡᠳ ᠢᠦᠢ ᠱᠢ ᠲᠤᠰᠠᠯᠠᠭᠴᠢ᠂ ᠪᠠᠷᠰ ᠤᠨ ᠬᠦᠴᠦᠲᠦ ᠲᠣᠷᠭᠠᠨ ᠴᠡᠷᠢᠭ ᠦᠨ ᠳ᠋ᠦ᠋ ᠵᠠᠬᠢᠷᠤᠭᠴᠢ ᠪᠣᠯᠵᠤ ᠵᠡᠭᠦᠨ ᠭᠠᠷᠤᠨ ᠠᠰᠤᠳ ᠬᠠᠮᠠᠭᠠᠯᠠᠭᠴᠢ ᠶᠢᠨ ᠨᠣᠶᠠᠨ ᠪᠣᠯᠪᠠ᠃ 4 ᠵᠢᠯ ᠳᠦ ᠢᠦᠢ ᠱᠢ ᠳ᠋ᠠᠢᠹᠦ᠋ ᠲᠦᠰᠢᠮᠡᠯ ᠦᠨ ᠵᠡᠷᠭᠡ ᠳᠦᠷ ᠳᠠᠪᠰᠢᠵᠤ᠂ ᠲᠣᠬᠤᠨᠢᠭᠤᠯᠤᠨ ᠠᠮᠤᠷᠵᠢᠭᠤᠯᠬᠤ ᠲᠦᠰᠢᠮᠡᠯ ᠦᠨ ᠵᠡᠷᠭᠡ ᠶᠢ ᠬᠠᠪᠰᠤᠷᠭᠠᠨ ᠬᠠᠷᠢᠭᠤᠴᠠᠵᠠᠢ᠃ ᠵᠢᠷᠭᠤᠳᠤᠭᠠᠷ ᠣᠨ ᠤ 2 ᠰᠠᠷ᠎ᠠ ᠳᠤ ᠡᠷᠬᠡᠲᠦ ᠴᠢᠩᠰᠠᠩ ᠪᠠᠶᠠᠨ ᠪᠣᠯᠤᠨ ᠲᠠᠢᠽᠢ ᠶᠠᠨᠲᠡᠮᠦᠷ ᠯᠢᠦ ᠯᠢᠨ ᠳᠦ︵ᠣᠳᠣ ᠶ᠋ᠢᠨ ᠾᠧᠪᠧᠢ ᠮᠤᠵᠢ ᠶᠢᠨ ᠲᠦᠩ ᠰᠢᠶᠠᠨ ᠤ ᠡᠮᠦᠨ᠎ᠡ ︶ ᠠᠪᠠ ᠬᠣᠮᠤᠷᠭ᠎ᠠ ᠲᠠᠯᠪᠢᠭᠰᠠᠨ ᠲᠣᠬᠢᠶᠠᠯ ᠢ ᠲᠣᠬᠢᠶᠠᠯᠳᠤᠭᠤᠯᠤᠨ ᠨᠡᠢᠰᠯᠡᠯ ᠬᠣᠲᠠ ᠶᠢᠨ ᠬᠠᠭᠠᠯᠭ᠎ᠠ ᠶᠢ ᠳᠠᠷᠤᠵᠤ ᠤᠬᠠᠭᠠᠨᠲᠤ ᠬᠠᠭᠠᠨ ᠤ ᠵᠠᠷᠯᠢᠭ ᠢ ᠤᠯᠠᠮᠵᠢᠯᠠᠨ ᠪᠠᠶᠠᠨ ᠤ ᠵᠡᠷᠭᠡ ᠬᠡᠷᠭᠡᠮ ᠢ ᠬᠠᠰᠤᠵᠤ ᠬᠥᠭᠡᠭᠡᠨ ᠶᠠᠪᠤᠭᠤᠯᠵᠤ᠂ ᠬᠡᠷᠡᠭ ᠪᠦᠲᠦᠭᠰᠡᠨ ᠦ ᠬᠣᠢᠨ᠎ᠠ ᠦᠢᠯᠡ ᠲᠠᠰᠤᠯᠬᠤ ᠶᠠᠮᠤᠨ ᠤ ᠬᠡᠷᠡᠭ ᠮᠡᠳᠡᠭᠴᠢ ᠪᠣᠯᠵᠠᠢ᠃ ᡁᠢ ᠵᠧᠩ ᠦᠨ ᠠᠩᠬ᠎ᠠ ᠣᠨ ︵ 1341︶ ᠳᠤ ᠲᠥᠪᠯᠡᠨ ᠵᠠᠰᠠᠬᠤ ᠶᠠᠮᠤᠨ ᠤ ᠪᠠᠷᠠᠭᠤᠨ ᠭᠠᠷᠤᠨ ᠴᠢᠩᠰᠠᠩ ᠤᠨ ᠲᠤᠰᠢᠶᠠᠯ ᠳᠤ ᠳᠡᠪᠰᠢᠭᠰᠡᠨ ᠪᠠᠢᠵᠠᠢ᠃ ᠲᠡᠭᠡᠭᠡᠳ ᠲᠡᠷᠡ ᠪᠠᠶᠠᠨ ᠤ ᠬᠠᠭᠤᠴᠢᠨ ᠵᠠᠰᠠᠭ ᠢ ᠬᠦᠴᠦᠨ ᠦᠭᠡᠢ ᠪᠣᠯᠭᠠᠨ ᠬᠢᠯᠢᠰᠳᠡᠭᠡᠳ ᠭᠢᠨᠳᠠᠨ ᠳᠤ ᠳᠠᠷᠤᠭᠳᠠᠵᠤ ᠪᠠᠢᠭᠰᠠᠨ ᠲᠥᠷᠦᠯ ᠦᠨ ᠸᠠᠩ ᠨᠠᠷ ᠤᠨ ᠬᠢᠯᠢᠰ ᠢ ᠨᠢ ᠴᠠᠭᠠᠳᠭᠠᠨ ᠥᠭᠴᠦ᠂ ᠮᠣᠷᠢᠨ ᠤ ᠵᠠᠬ᠎ᠠ ᠵᠡᠭᠡᠯᠢ ᠶᠢ ᠨᠡᠭᠡᠭᠡᠵᠦ᠂ ᠳᠠᠪᠤᠰᠤᠨ ᠤ ᠬᠡᠮᠵᠢᠶ᠎ᠡ ᠶᠢ ᠬᠠᠰᠤᠨ᠂ ᠥᠷᠢ ᠲᠥᠯᠦᠭᠡᠰᠦ ᠶ᠋ᠢ ᠬᠥᠩᠭᠡᠷᠡᠭᠦᠯᠬᠦ᠂ ᠰᠢᠯᠭᠠᠯᠲᠠ ᠶᠢᠨ ᠳᠦᠷᠢᠮ ᠢ᠋ ᠰᠡᠷᠭᠦᠭᠡᠨ ᠰᠦᠩ ᠤᠯᠤᠰ᠂ ᠯᠢᠶᠣᠣ ᠤᠯᠤᠰ᠂ ᠠᠯᠲᠠᠨ ᠤᠯᠤᠰ ᠤᠨ ᠲᠡᠦᠬᠡ ᠰᠤᠳᠤᠷ ᠢ ᠨᠠᠢᠷᠠᠭᠤᠯᠤᠨ ᠪᠢᠴᠢᠵᠦ 《ᡁᠢ ᠵᠧᠩ ᠦᠨ ᠵᠤᠷᠪᠤᠰ ᠬᠠᠤᠯᠢ》 ᠳᠤ ᠵᠠᠰᠠᠯᠲᠠ ᠬᠢᠵᠦ ᠪᠢᠴᠢᠭ ᠦᠨ ᠰᠠᠢᠳ ᠢ ᠬᠦᠨᠳᠦᠳᠭᠡᠨ ᠬᠡᠷᠡᠭᠯᠡᠭᠰᠡᠨ ᠢᠶᠡᠷ ᠮᠡᠷᠭᠡᠨ ᠴᠢᠩᠰᠠᠩ ᠬᠡᠮᠡᠨ ᠨᠡᠷ᠎ᠡ ᠠᠯᠳᠠᠷᠰᠢᠭᠰᠠᠨ ᠶᠤᠮ᠃ ᠬᠣᠶᠠᠳᠤᠭᠠᠷ ᠣᠨ ᠳᠤ ᠬᠡᠳᠦᠨ ᠲᠦᠮᠡᠨ ᠬᠦᠴᠦᠨ ᠦ ᠬᠥᠳᠡᠯᠮᠦᠷᠢ ᠶᠢ ᠡᠯᠰᠡᠵᠦ ᠭᠣᠣᠯ ᠢ ᠵᠠᠰᠠᠨ ᠬᠠᠰᠢᠯᠭ᠎ᠠ ᠬᠠᠭᠠᠯᠲᠠ ᠪᠠᠷᠢᠵᠤ᠂ ᠲᠦᠩᠵᠧᠦ ᠡᠴᠡ ᠯᠢ ᠵᠧᠩ ᠮᠧᠨ ᠬᠠᠭᠠᠯᠭ᠎ᠠ ᠬᠦᠷᠲᠡᠯ᠎ᠡ ᠣᠩᠭᠣᠴᠠ ᠰᠠᠯ ᠨᠡᠪᠲᠡᠷᠡᠭᠦᠯᠬᠦ ᠭᠡᠳ ᠪᠦᠲᠦᠵᠦ ᠳᠡᠢᠯᠦᠭᠡ ᠦᠭᠡᠢ ᠣᠷᠬᠢᠵᠠᠢ᠃ 4 ᠵᠢᠯ ᠳᠦ ᠲᠣᠬᠤᠨᠢᠭᠤᠯᠬᠤ ᠵᠠᠰᠠᠭ ᠤᠨ ᠬᠦᠷᠢᠶᠡᠯᠡᠩ ᠳᠦ ᠬᠡᠷᠡᠭ ᠡᠷᠬᠢᠯᠡᠪᠡ᠃ ᠳᠡᠮᠡᠢ ᠤᠳᠠᠭ᠎ᠠ ᠦᠭᠡᠢ ᠡᠪᠡᠳᠴᠢᠯᠡᠭᠰᠡᠨ ᠦ ᠤᠴᠢᠷ ᠲᠤᠰᠢᠶᠠᠯ ᠠᠴᠠ ᠪᠠᠨ ᠪᠠᠭᠤᠵᠠᠢ᠃ ᠨᠠᠢ᠍ᠮᠠᠳᠤᠭᠠᠷ ᠣᠨ ᠳᠤ ᠳᠠᠬᠢᠨ ᠲᠠᠢᠹᠦ᠋ ᠲᠦᠰᠢᠮᠡᠯ ᠪᠣᠯᠵᠤ ᠵᠡᠭᠦᠨ ᠣᠷᠳᠤᠨ ᠤ᠋ ᠦᠢᠯᠡ ᠶᠢ ᠶᠡᠷᠦᠩᠬᠡᠢᠯᠡᠨ ᠬᠠᠮᠢᠶᠠᠷᠪᠠ᠃ ᠶᠢᠰᠦᠳᠦᠭᠡᠷ ᠣᠨ ᠳᠤ ᠳᠠᠬᠢᠨ ᠴᠢᠩᠰᠠᠩ ᠪᠣᠯᠵᠤ ᠠᠰᠤ᠂ ᠬᠢᠪᠴᠠᠭ ᠬᠣᠶᠠᠷ ᠬᠠᠷᠠᠭᠤᠯ᠂ ᠳᠣᠲᠤᠭᠠᠳᠤ ᠲᠦᠰᠢᠮᠡᠯ ᠦᠨ ᠶᠠᠮᠤᠨ᠂ ᠲᠣᠬᠤᠨᠢᠭᠤᠯᠬᠤ ᠵᠠᠰᠠᠭ ᠤᠨ ᠬᠦᠷᠢᠶᠡᠯᠡᠩ᠂ ᠬᠠᠭᠠᠨ ᠤ ᠡᠮᠴᠢ ᠶᠢᠨ ᠬᠦᠷᠢᠶᠡᠯᠡᠩ ᠦᠨ ᠦᠢᠯᠡ ᠶᠢ ᠡᠷᠬᠢᠯᠡᠨ ᠵᠠᠬᠢᠷᠴᠠᠢ᠃ ᠵᠣᠭᠤᠰ ᠤ᠋ᠨ ᠳᠦᠷᠢᠮ ᠢ᠋ ᠥᠭᠡᠷᠡᠴᠢᠯᠡᠨ ᡁᠢ ᠵᠧᠩ ᠦᠨ ᠵᠣᠭᠤᠰ ᠢ᠋ ᠳᠠᠷᠤᠮᠠᠯᠯᠠᠨ ᠲᠠᠷᠬᠠᠭᠠᠵᠤ᠂ ᠦᠯᠡᠮᠵᠢ ᠣᠯᠠᠨ ᠴᠡᠷᠢᠭ ᠠᠷᠠᠳ ᠢ ᠬᠡᠷᠡᠭᠯᠡᠨ ᠬᠠᠲᠤᠨ ᠭᠣᠣᠯ ᠢ ᠵᠠᠰᠠᠭᠰᠠᠨ ᠳᠤᠷ ᠡᠯ᠎ᠡ ᠭᠠᠵᠠᠷ ᠲᠤ ᠲᠠᠷᠢᠶᠠᠴᠢᠨ ᠤ ᠪᠣᠰᠤᠯᠭ᠎ᠠ ᠭᠠᠷᠴᠠᠢ᠃ ᠠᠷᠪᠠᠨ ᠬᠣᠶᠠᠳᠤᠭᠠᠷ ᠣᠨ ᠳᠤ ᠲᠣᠳᠤ ᠴᠡᠷᠢᠭ ᠳᠠᠢᠴᠢᠯᠠᠨ ᠰᠢᠦᠢ ᠵᠧᠦ ᠶᠢᠨ ᠤᠯᠠᠭᠠᠨ ᠠᠯᠴᠢᠭᠤᠷᠲᠠᠨ ᠢ ᠳᠠᠷᠤᠩᠭᠤᠢᠯᠠᠵᠤ ᠬᠣᠲᠠ ᠶᠢ ᠲᠠᠯᠬᠢᠭᠳᠠᠪᠠ᠃ ᠠᠷᠪᠠᠨ ᠳᠥᠷᠪᠡᠳᠦᠭᠡᠷ ᠣᠨ ᠳᠤ ᠴᠡᠷᠢᠭ ᠮᠣᠷᠢ ᠶᠢ ᠶᠡᠷᠦᠩᠬᠡᠢᠯᠡᠨ ᠵᠠᠬᠢᠷᠴᠤ ᠭᠣᠣ ᠶᠢᠦ ᠶ᠋ᠢᠨ ᠵᠠᠩ ᠱᠢ ᠴᠧᠩ ᠢ ᠪᠦᠰᠡᠯᠡᠨ ᠴᠣᠬᠢᠵᠤ ᠬᠣᠲᠠ ᠶᠢ ᠠᠪᠤᠭᠰᠠᠨ ᠳᠤᠷ ᠳᠣᠲᠤᠭᠠᠳᠤ ᠰᠠᠢᠳ ᠬᠠᠮᠠ ᠨᠠᠷ ᠲᠡᠭᠦᠨ ᠢ ᠬᠤᠶᠠᠭ ᠴᠡᠷᠢᠭ ᠢ ᠵᠦᠳᠡᠭᠡᠨ ᠬᠥᠷᠦᠩᠭᠡ ᠡᠳ᠋ ᠢ ᠪᠦᠷᠢᠯᠭᠡᠪᠡ ᠭᠡᠵᠦ ᠶᠠᠯ᠎ᠠ ᠲᠤᠯᠭᠠᠭᠰᠠᠨ ᠠᠴᠠ ᠲᠣᠳᠤ ᠵᠡᠷᠭᠡ ᠬᠡᠷᠭᠡᠮ ᠢᠶᠡᠨ ᠠᠪᠲᠠᠵᠤ ᠶᠦᠨᠨᠠᠨ ᠳᠤ ᠴᠦᠯᠡᠭᠳᠡᠪᠡ᠃ ᠬᠣᠵᠢᠮ ᠨᠢ ᠬᠠᠮᠠ ᠳᠤ ᠬᠣᠣᠷᠯᠠᠭᠳᠠᠨ ᠦᠬᠦᠪᠡ᠃ ᠬᠣᠷᠢᠨ ᠬᠣᠶᠠᠳᠤᠭᠠᠷ ᠣᠨ ᠳᠤ ᠬᠢᠯᠢᠰ ᠢ ᠨᠢ ᠴᠠᠭᠠᠳᠭᠠᠨ ᠥᠭᠴᠡᠢ᠃