ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠣᠭᠲᠠᠭ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠣᠭᠲᠠᠭ᠎ᠠ ︵ 1237—— 1297 ︶ ᠶᠤᠸᠠᠨ ᠤᠯᠤᠰ ᠤᠨ ᠠᠯᠳᠠᠷᠲᠤ ᠵᠠᠩᠵᠤᠨ᠂ ᠬᠢᠪᠴᠠᠭ ᠬᠥᠮᠦᠨ᠃ ᠪᠠᠨᠲᠤᠴᠠ ᠶᠢᠨ ᠬᠥᠪᠡᠭᠦᠨ᠃ ᠵᠦᠩ ᠲᠦᠩ ᠦᠨ ᠠᠩᠬ᠎ᠠ ᠣᠨ︵1260︶ ᠳᠤ ᠡᠴᠢᠭᠡ ᠬᠥᠪᠡᠭᠦᠨ ᠬᠣᠶᠠᠭᠤᠯᠠ ᠬᠤᠪᠢᠯᠠᠢ ᠬᠠᠭᠠᠨ ᠢ ᠳᠠᠭᠠᠵᠤ ᠤᠮᠠᠷᠠᠰᠢ ᠠᠷᠢᠭᠪᠦ᠋ᠬᠡ ᠶᠢ ᠳᠠᠢᠯᠠᠨ ᠭᠠᠪᠢᠶ᠎ᠠ ᠪᠠᠢᠭᠤᠯᠤᠭᠠᠳ ᠬᠡᠰᠢᠭ ᠱᠠᠩᠨᠠᠯ ᠬᠦᠷᠲᠡᠵᠡᠢ᠃ ᠡᠴᠢᠭᠡ ᠨᠢ ᠦᠬᠦᠭᠰᠡᠨ ᠦ ᠳᠠᠷᠠᠭ᠎ᠠ ᠲᠣᠭᠲᠠᠭ᠎ᠠ ᠡᠴᠢᠭᠡ ᠶᠢᠨ ᠢᠶᠡᠨ ᠬᠡᠷᠭᠡᠮ ᠵᠡᠷᠭᠡ ᠶᠢ ᠵᠠᠯᠭᠠᠮᠵᠢᠯᠠᠨ ᠬᠡᠪᠲᠡᠭᠦᠯ ᠴᠡᠷᠢᠭ ᠲᠦ ᠣᠷᠤᠭᠰᠠᠨ ᠪᠠᠢᠵᠠᠢ᠃ ᠬᠣᠵᠢᠮ ᠨᠢ ᠤᠮᠠᠷ᠎ᠠ ᠶᠢ ᠲᠦᠪᠰᠢᠳᠭᠡᠬᠦ ᠸᠠᠩ ᠨᠣᠮᠤᠬᠠᠨ ᠢ᠋ ᠳᠠᠭᠠᠵᠤ ᠪᠠᠷᠠᠭᠤᠨ ᠬᠣᠢᠲᠤ ᠬᠢᠵᠠᠭᠠᠷ ᠢ ᠳᠠᠷᠤᠩᠭᠤᠢᠯᠠᠨ ᠰᠠᠬᠢᠨ ᠰᠠᠭᠤᠪᠠ᠃ ᡁᠢ ᠶᠤᠸᠠᠨ ᠤ ᠠᠷᠪᠠᠨ ᠳᠥᠷᠪᠡᠳᠦᠭᠡᠷ ᠣᠨ ︵ 1277︶ ᠳᠤ ᠲᠥᠷᠦᠯ ᠦᠨ ᠸᠠᠩ ᠲᠣᠭᠲᠠᠮᠤᠷ ︵ ᠰᠦᠢᠬᠡᠲᠦ ᠶ᠋ᠢᠨ ᠬᠥᠪᠡᠭᠦᠨ ︶᠂ ᠰᠢᠯᠵᠢ︵ᠮᠥᠩᠬᠡ ᠶ᠋ᠢᠨ ᠬᠥᠪᠡᠭᠦᠨ ︶ ᠨᠡᠷ ᠤᠷᠪᠠᠵᠠᠢ᠃ ᠲᠣᠭᠲᠠᠮᠤᠷ᠂ ᠤᠷᠪᠠᠭᠰᠠᠨ ᠵᠠᠩᠵᠤᠨ ᠬᠣᠩᠬᠢᠷᠠᠳ ᠠᠢᠮᠠᠭ ᠤᠨ ᠲᠦᠷᠦᠭᠦᠦ ᠵᠢᠷᠭᠤᠭᠠᠲᠠᠢ ᠶᠢ ᠤᠭᠲᠤᠬᠤ ᠪᠠᠷ ᠣᠴᠢᠬᠤ ᠳᠤᠨᠢ ᠲᠣᠭᠲᠠᠭ᠎ᠠ ᠴᠡᠷᠢᠭ ᠳᠠᠢᠴᠢᠯᠠᠨ ᠲᠤᠰᠤᠨ ᠴᠣᠬᠢᠭᠰᠠᠨ ᠳᠤ ᠲᠣᠭᠲᠠᠮᠤᠷ ᠳᠡᠢᠯᠦᠭᠳᠡᠭᠡᠳ ᠲᠤᠤᠯᠠ ᠭᠣᠣᠯ ᠵᠦᠭ ᠳᠤᠲᠠᠭᠠᠨ ᠶᠠᠪᠤᠵᠠᠢ᠃ ᠰᠡᠭᠦᠯᠡᠷ ᠨᠢ ᠲᠣᠭᠲᠠᠮᠤᠷ᠂ ᠵᠢᠷᠭᠤᠭᠠᠲᠠᠢ ᠯᠤᠭ᠎ᠠ ᠴᠡᠷᠢᠭ ᠨᠡᠢᠯᠡᠵᠦ ᠵᠢᠭᠠᠰᠤᠲᠠᠢ ᠨᠠᠭᠤᠷ ︵ᠣᠳᠣ ᠶ᠋ᠢᠨ ᠳᠠᠯᠠᠢ ᠨᠠᠭᠤᠷ ︶ ᠤᠨ ᠬᠠᠪᠢ ᠳᠤ ᠲᠣᠭᠲᠠᠭ᠎ᠠ ᠯᠤᠭ᠎ᠠ ᠲᠤᠯᠤᠯᠳᠤᠭᠠᠳ ᠴᠡᠷᠢᠭ ᠳᠠᠷᠤᠭᠳᠠᠨ ᠪᠠᠷᠢᠪᠴᠢᠯᠠᠭᠳᠠᠵᠠᠢ᠃ ᠲᠤᠬᠠᠶ ᠤ᠋ᠨ ᠦᠶ᠎ᠡ ᠳᠦ ᠰᠢᠯᠵᠢ ᠶᠢᠨ ᠴᠡᠷᠢᠭ ᠨᠢᠭᠡᠨᠲᠡ ᠣᠷᠬᠤᠨ ᠭᠣᠣᠯ ᠢ ᠭᠡᠲᠦᠯᠵᠦ ᠲᠤᠤᠯᠠ ᠭᠣᠣᠯ ᠳᠠᠭᠠᠤ ᠲᠦᠷᠢᠨ ᠣᠷᠤᠭᠰᠠᠨ ᠳ᠋ᠤ᠌ ᠲᠣᠭᠲᠠᠭ᠎ᠠ ᠴᠡᠷᠢᠭ ᠳᠠᠢᠴᠢᠯᠠᠨ ᠲᠤᠰᠤᠨ ᠴᠣᠬᠢᠭᠠᠳ ᠡᠪᠦᠭᠡ ᠳᠡᠭᠡᠳᠦᠰ ᠦᠨ ᠢᠶᠡᠨ ᠥᠷᠦᠭᠡ ᠮᠠᠢᠬᠠᠨ ᠢ ᠣᠯᠵᠠᠯᠠᠭᠠᠳ ᠪᠤᠴᠠᠵᠠᠢ᠃ ᠢᠷᠡᠬᠦ ᠵᠢᠯ ᠳᠦᠨᠢ ᠲᠣᠭᠲᠠᠭ᠎ᠠ ᠬᠢᠪᠴᠠᠭ ᠤᠨ ᠮᠢᠩᠭᠠᠨ ᠪᠠᠭᠠᠲᠤᠷ ᠮᠣᠷᠢᠲᠤ ᠴᠡᠷᠢᠭ ᠢ ᠳᠠᠢᠴᠢᠯᠠᠨ ᠤᠮᠠᠷᠠᠰᠢ ᠳᠠᠢᠯᠠᠵᠤ ᠰᠢᠯᠵᠢ ᠶᠢ ᠨᠡᠬᠡᠮᠵᠢᠯᠡᠨ ᠴᠣᠬᠢᠵᠤ ᠠᠯᠲᠠᠢ ᠠᠭᠤᠯᠠ ᠳᠤ ᠬᠦᠷᠦᠭᠡᠳ ᠵᠠᠬᠤᠲᠠᠢ ᠨᠠᠷ ᠢ ᠪᠠᠷᠢᠪᠴᠢᠯᠠᠨ ᠤᠷᠪᠠᠯᠭᠠᠨ ᠤ ᠴᠡᠷᠢᠭ  ᠯᠦᠭᠡ ᠰᠦᠯᠪᠡᠭᠡ ᠨᠢᠭᠡᠲᠡᠶ ᠪᠠᠢᠭᠰᠠᠨ ᠭᠣᠨᠴᠤᠭ ᠤ᠋ᠨ ᠴᠡᠷᠢᠭ ᠢ ᠴᠦ ᠪᠠᠢᠯᠳᠤᠨ ᠳᠡᠢᠯᠵᠡᠢ᠃ ᡁᠢ ᠶᠤᠸᠠᠨ ᠤ ᠬᠣᠷᠢᠨ ᠭᠤᠷᠪᠠᠳᠤᠭᠠᠷ ᠣᠨ ︵ 12N6︶ ᠳᠤ ᠬᠠᠢᠳᠤ ᠠᠯᠲᠠᠢ ᠠᠭᠤᠯᠠ ᠶᠢ ᠬᠠᠯᠳᠠᠭᠰᠠᠨ ᠳᠤ ᠲᠣᠭᠲᠠᠭ᠎ᠠ ᠪᠣᠯᠤᠨ ᠲᠣᠷᠳᠣᠭ᠎ᠠ ᠬᠠᠮᠲᠤ ᠪᠠᠷ ᠬᠣᠷᠢᠭᠯᠠᠨ ᠴᠣᠬᠢᠭᠰᠠᠨ ᠶᠤᠮ᠃ ᠢᠷᠡᠬᠦ ᠵᠢᠯ ᠳᠦᠨᠢ ᠲᠥᠷᠦᠯ ᠦᠨ ᠸᠠᠩ ᠨᠠᠶᠠᠨ ᠤᠷᠪᠠᠭᠰᠠᠨ ᠳᠤ ᠲᠤᠤᠯᠠ ᠭᠣᠣᠯ ᠳᠤ ᠴᠡᠷᠢᠭ ᠰᠠᠭᠤᠭ᠎ᠠ ᠡᠪᠦᠭᠡᠨ᠂ ᠱᠣᠩᠬᠤᠷ ᠨᠠᠷ ᠡᠶᠡᠯᠳᠡᠨ ᠳᠠᠭᠠᠵᠠᠢ᠃ ᠡᠭᠦᠨ ᠳᠦ ᠲᠣᠭᠲᠠᠭ᠎ᠠ ᠴᠡᠷᠢᠭ ᠳᠠᠢᠴᠢᠯᠠᠨ ᠲᠠᠳᠠᠨᠤᠰ  ᠯᠦᠭᠡ ᠲᠤᠯᠤᠯᠳᠤᠭᠠᠳ ᠪᠠᠰᠠ ᠳᠡᠢᠯᠵᠡᠢ᠃ ᠲᠤᠬᠠᠶ ᠤ᠋ᠨ ᠦᠶ᠎ᠡ ᠳᠦ ᠬᠤᠪᠢᠯᠠᠢ ᠬᠠᠭᠠᠨ ᠥᠪᠡᠷ ᠦ᠋ᠨ ᠪᠡᠶ᠎ᠡ ᠪᠡᠷ ᠨᠠᠶᠠᠨ ᠢ ᠳᠠᠢᠯᠠᠭᠰᠠᠨ ᠳᠤ ᠲᠣᠭᠲᠠᠭ᠎ᠠ ᠵᠠᠷᠯᠢᠭ ᠬᠦᠯᠢᠶᠡᠨ ᠭᠣᠣᠯ ᠤᠷᠤᠭᠤᠳᠠᠨ ᠴᠡᠷᠢᠭᠯᠡᠵᠦ ᠵᠠᠮ ᠤᠨ ᠭᠤᠳᠤᠰ ᠤᠷᠪᠠᠭᠰᠠᠨ ᠸᠠᠩ ᠶᠢᠰᠦᠨᠲᠡᠭᠡ ᠶᠢᠨ ᠲᠦᠮᠡᠨ ᠮᠣᠷᠢᠲᠤ ᠴᠡᠷᠢᠭ ᠢ ᠪᠠᠢᠯᠳᠤᠨ ᠳᠡᠢᠯᠦᠭᠡᠳ ᠤᠷᠪᠠᠭᠰᠠᠨ ᠸᠠᠩ ᠬᠠᠷᠯᠤᠷ ᠢ ᠪᠠᠷᠢᠪᠴᠢᠯᠠᠪᠠ᠃ ᠮᠥᠨ ᠲᠡᠷᠡ ᠵᠢᠯ ᠳᠡᠭᠡᠨ ᠬᠠᠭᠠᠨ ᠤ ᠣᠮᠪᠤᠯᠤ ᠲᠡᠮᠦᠷ ᠢ ᠳᠠᠭᠠᠵᠤ ᠨᠠᠶᠠᠨ ᠤ ᠣᠷᠭᠤᠳᠤᠤᠯ ᠨᠠᠮᠲᠠᠨ ᠢ ᠨᠡᠬᠡᠮᠵᠢᠯᠡᠨ ᠬᠠᠷ᠎ᠠ ᠭᠣᠣᠯ ︵ ᠣᠳᠣ ᠶ᠋ᠢᠨ ᠬᠠᠢᠯᠠᠷ ᠭᠣᠣᠯ ︶ ᠳᠤ ᠬᠦᠷᠴᠦ ᠤᠷᠪᠠᠭᠰᠠᠨ ᠸᠠᠩ ᠬᠣᠨᠲᠣᠬᠠᠶ ᠨᠠᠷ ᠢ ᠠᠯᠠᠵᠤ ᠪᠤᠰᠤᠳ ᠢ ᠨᠢ ᠪᠠᠭᠤᠯᠭᠠᠨ ᠠᠪᠴᠠᠢ᠃ ᠢᠷᠡᠬᠦ ᠵᠢᠯ ᠳᠦᠨᠢ᠂ ᠪᠠᠰᠠ ᠲᠡᠮᠦᠷ ᠢ ᠳᠠᠭᠠᠵᠤ ᠲᠥᠷᠦᠯ ᠦᠨ ᠸᠠᠩ ᠢᠵᠢᠯᠢ ᠳᠦ ᠲᠤᠰᠠᠯᠠᠨ ᠤᠷᠪᠠᠭᠰᠠᠨ ᠸᠠᠩ ᠬᠣᠷᠬᠣᠰᠤᠨ︵ᠬᠠᠰᠠᠷ ᠤᠨ ᠣᠮᠪᠤᠯᠤ ︶ ᠢ ᠴᠣᠬᠢᠪᠠ᠃ ᠬᠣᠵᠢᠮ ᠨᠢ ᠬᠠᠯᠠᠭᠤᠨ ᠠᠭᠤᠯᠠᠨ᠎ᠠ ᠪᠤᠴᠠᠵᠤ ᠭᠦᠢᠯᠡᠷ᠂ ᠲᠤᠭᠤᠷ ᠬᠣᠶᠠᠷ ᠭᠣᠣᠯ ᠤᠨ ᠬᠣᠭᠤᠷᠤᠨᠳᠤ ᠤᠷᠪᠠᠭᠰᠠᠨ ᠸᠠᠩ ᠬᠠᠲᠠᠨ ᠤ ᠴᠡᠷᠢᠭ ᠢ ᠶᠡᠬᠡ ᠪᠡᠷ ᠳᠡᠢᠯᠦᠭᠡᠳ ᠯᠢᠶᠣᠣᠳᠦ᠋ᠩ ᠦᠨ ᠵᠡᠭᠦᠨ ᠭᠠᠷᠤᠨ ᠣᠯᠠᠨ ᠠᠢᠮᠠᠭ ᠢ ᠴᠥᠮ ᠣᠯᠵᠠᠯᠠᠵᠠᠢ᠃ ᡁᠢ ᠶᠤᠸᠠᠨ ᠤ ᠬᠤᠢᠨ ᠵᠢᠷᠭᠤᠳᠤᠭᠠᠷ ᠣᠨ ︵ 1289︶ ᠳᠤ ᠬᠠᠭᠠᠨ ᠤ ᠣᠮᠪᠤᠯᠤ ᠶ᠋ᠢᠨ ᠸᠠᠩ ᠭᠠᠮᠠᠪᠠᠯ ᠢ ᠳᠠᠭᠠᠵᠤ ᠬᠠᠢᠳᠤ ᠶ᠋ᠢ ᠳᠠᠢᠯᠠᠭᠠᠳ ᠬᠠᠩᠭᠠᠢ ᠠᠭᠤᠯᠠᠨ᠎ᠠ ᠬᠦᠷᠦᠭᠰᠡᠨ ᠳᠦ ᠳᠠᠢᠰᠤᠨ ᠤ ᠴᠡᠷᠢᠭ ᠭᠠᠵᠠᠷ ᠤᠨ ᠪᠡᠷᠬᠡ ᠶᠢ ᠡᠵᠡᠯᠡᠭᠰᠡᠨ ᠲᠤᠯᠠ ᠣᠯᠠᠨ ᠴᠡᠷᠢᠭ ᠠᠰᠢᠭ ᠠᠯᠳᠠᠭᠰᠠᠨ ᠳᠤ ᠲᠣᠭᠲᠠᠭ᠎ᠠ ᠬᠦᠴᠦᠯᠡᠨ ᠪᠠᠢᠯᠳᠤᠭᠠᠳ ᠭᠠᠮᠠᠪᠠᠯ ᠢ ᠲᠡᠩᠬᠡᠷᠡᠭᠦᠯᠦᠨ ᠭᠠᠷᠭᠠᠵᠠᠢ᠃ ᡁᠢ ᠶᠤᠸᠠᠨ ᠤ ᠬᠣᠷᠢ ᠶᠢᠰᠦᠳᠦᠭᠡᠷ ᠣᠨ ︵ 1292 ︶ ᠳᠤ ᠲᠣᠭᠲᠠᠭ᠎ᠠ ᠠᠯᠲᠠᠢ ᠠᠭᠤᠯᠠᠨ᠎ᠠ ᠬᠠᠢᠳᠤ ᠶ᠋ᠢᠨ ᠬᠠᠷᠢᠶᠠᠲᠤ ᠠᠷᠠᠳ ᠢ 3000 ᠭᠠᠷᠤᠶ ᠡᠷᠦᠬᠡ ᠣᠯᠵᠠᠯᠠᠵᠤ ᠵᠠᠷᠯᠢᠭ ᠢᠶᠠᠷ ᠭᠢᠷᠭᠢᠰ ᠵᠦᠭ ᠲᠦᠷᠢᠨ ᠣᠷᠤᠪᠠ᠃ ᠢᠷᠡᠬᠦ ᠵᠢᠯ ᠳᠦᠨᠢ ᠺᠢᠮ ᠭᠣᠣᠯ ᠤᠨ ᠰᠠᠪᠠ ᠭᠠᠵᠠᠷ ᠲᠤ ᠬᠠᠢᠳᠤ ᠶ᠋ᠢᠨ ᠴᠡᠷᠢᠭ ᠢ ᠬᠢᠶᠠᠷᠠᠲᠠᠯ᠎ᠠ ᠴᠣᠬᠢᠭᠠᠳ ᠯᠠᠨᠵᠧᠦ ᠵᠡᠷᠭᠡ 5 ᠠᠢᠮᠠᠭ ᠢ ᠬᠤᠷᠢᠶᠠᠮᠵᠢᠯᠠᠨ ᠠᠪᠴᠤ ᠬᠠᠢᠳᠤ ᠳ᠋ᠤ᠌ ᠬᠦᠨᠳᠦ ᠬᠣᠬᠢᠷᠠᠯ ᠤᠴᠠᠷᠠᠭᠤᠯᠵᠠᠢ᠃ ᠡᠭᠦᠨ ᠡᠴᠡ ᠠᠪᠤᠭᠠᠳ ᠠᠷᠤ ᠬᠢᠵᠠᠭᠠᠷ ᠢ ᠳᠠᠷᠤᠩᠭᠤᠢᠯᠠᠨ ᠰᠠᠭᠤᠪᠠ᠃ ᠳ᠋ᠠ ᠳ᠋ᠧ ᠶ᠋ᠢᠨ ᠠᠩᠬ᠎ᠠ ᠣᠨ ︵ 1297 ︶ ᠳᠤ 61 ᠨᠠᠰᠤᠲᠠᠢ ᠳᠠᠭᠠᠨ ᠨᠠᠰᠤ ᠨᠥᠭᠴᠢᠪᠡ᠃