ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠠᠬᠠᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠠᠬᠠᠢ︵ᠦᠬᠦᠵᠦ ᠲᠥᠷᠦᠭᠰᠡᠨ ᠣᠨ ᠵᠢᠯ ᠨᠢ ᠪᠠᠯᠠᠷᠬᠠᠢ ︶ ᠶᠡᠬᠡ ᠮᠣᠩᠭᠤᠯ ᠤᠯᠤᠰ ᠤᠨ ᠥᠷᠯᠦᠭ ᠵᠠᠩᠵᠤᠨ᠃ ᠶᠤᠸᠠᠨ ᠲᠠᠢᠽᠦ᠋ᠩ ᠦ᠋ᠨ ᠳᠣᠯᠤᠳᠤᠭᠠᠷ ᠣᠨ ︵ 1235 ︶ ᠤ ᠨᠢᠭᠡᠳᠦᠭᠡᠷ ᠰᠠᠷ᠎ᠠ ᠳᠤ ᠮᠣᠩᠭᠤᠯ ᠤ᠋ᠨ ᠲᠥᠷᠦᠯ ᠦᠨ ᠸᠠᠩ ᠨᠠᠷ ᠤᠨ ᠬᠤᠷᠠᠯᠳᠤᠭᠠᠨ ᠠᠴᠠ ᠰᠦᠩ ᠤᠯᠤᠰ ᠢ ᠳᠠᠢᠯᠠᠬᠤ ᠪᠠᠷ ᠰᠢᠢᠳᠪᠦᠷᠢ ᠭᠠᠷᠭᠠᠭᠰᠠᠨ ᠳᠤ ᠲᠠᠬᠠᠢ ᠬᠥᠳᠡᠨ ᠢ᠋ ᠳᠠᠭᠠᠵᠤ ᠰᠧᠴᠤᠸᠠᠨ ᠳᠤ ᠴᠡᠷᠢᠭᠯᠡᠨ ᠣᠷᠤᠵᠠᠢ᠃ ᠰᠦᠩ ᠤᠯᠤᠰ ᠤᠨ ᠵᠠᠩᠵᠤᠨ ᠼᠣᠣ ᠶᠢᠦ ᠸᠧᠨ ᠴᠥᠭᠡᠨ ᠢ᠋ᠶ᠋ᠡᠷ ᠣᠯᠠᠨ ᠢ ᠳᠡᠢᠯᠬᠦᠶ᠎ᠡ ᠪᠡᠷᠬᠡ ᠬᠡᠮᠡᠨ ᠦᠵᠡᠭᠡᠳ ᠴᠡᠷᠢᠭ ᠲᠣᠮᠢᠯᠠᠨ ᠱᠠᠨᠰᠢ ᠠᠴᠠ ᠰᠧᠴᠤᠸᠠᠨ ᠣᠷᠤᠬᠤ ᠣᠯᠠᠨ ᠬᠠᠪᠴᠢᠯ ᠠᠮᠠ ᠶᠢ ᠪᠡᠬᠢᠯᠡᠨ ᠰᠠᠬᠢᠭᠤᠯᠵᠠᠢ᠃ ᠡᠭᠦᠨ ᠦ ᠬᠠᠮᠲᠤ ᠲᠦᠮᠡᠨ ᠰᠢᠯᠢᠳᠡᠭ ᠴᠡᠷᠢᠭ ᠢ ᠰᠣᠩᠭᠤᠵᠤ ᠰᠥᠨᠢ ᠪᠡᠷ ᠬᠠᠨᠵᠢᠶᠠᠩ ᠮᠥᠷᠡᠨ ᠢ᠋ ᠭᠠᠲᠤᠯᠤᠨ ᠳᠠᠯᠳᠠᠭᠤᠷ ᠯᠢᠦ ᠰᠢ ᠳᠦᠷ ᠬᠦᠷᠴᠦ ᠪᠦᠭᠭᠦᠯᠲᠡ ᠬᠢᠪᠡ᠃ ᠠᠷᠪᠠᠳᠤᠭᠠᠷ ᠰᠠᠷ᠎ᠠ ᠳᠤ᠂ ᠲᠠᠬᠠᠢ᠂ ᠪᠠᠭᠠᠲᠤᠷ ᠵᠡᠷᠭᠡ ᠵᠠᠩᠵᠤᠨ ᠨᠠᠷ ᠴᠡᠷᠢᠭ ᠳᠠᠢᠴᠢᠯᠠᠨ ᠰᠢᠷᠦᠭᠦᠨ ᠲᠠᠭᠠᠷᠢᠯᠲᠠ ᠬᠢᠵᠦ ᠫᠢᠩ ᠶᠠᠩ ᠭᠤᠸᠠᠨ ᠪᠣᠭᠤᠮᠲᠠ ᠳ᠋ᠤ᠌ ᠰᠦᠩ ᠤᠯᠤᠰ ᠤᠨ ᠴᠡᠷᠢᠭ ᠢ ᠶᠡᠬᠡ ᠪᠡᠷ ᠲᠠᠢᠯᠵᠤ ᠰᠠᠭᠠᠳ ᠦᠭᠡᠢ ᠳᠠᠪᠰᠢᠨ ᠣᠷᠤᠭᠰᠠᠨ ᠳ᠋ᠤ᠌ ᠼᠣᠣ ᠶᠢᠦ ᠸᠧᠨ ᠪᠣᠯᠤᠨ ᠲᠡᠭᠦᠨ ᠦ ᠳᠡᠭᠦᠦ ᠬᠣᠢᠨ᠎ᠠ ᠬᠣᠢᠨ᠎ᠠ ᠠᠴᠠ ᠪᠠᠨ ᠪᠠᠢᠯᠳᠤᠨ ᠦᠬᠦᠵᠦ ᠨᠢᠭᠡ ᠯᠡ ᠰᠠᠷ᠎ᠠ ᠶᠢᠨ ᠳᠣᠲᠤᠷ᠎ᠠ ᠴᠧᠩᠳᠦ᠂ ᠯᠢᠵᠧᠦ᠂ ᠲᠦᠩᠴᠤᠸᠠᠨ ᠵᠡᠷᠭᠡ ᠭᠤᠷᠪᠠᠨ ᠴᠦᠯᠬᠡ ᠳ᠋ᠦ᠍ ᠬᠠᠷᠢᠶᠠᠯᠠᠭᠳᠠᠬᠤ ᠵᠧᠦ ᠰᠢᠶᠠᠨ ᠴᠥᠮ ᠡᠪᠳᠡᠭᠳᠡᠵᠡᠢ᠃ ᠬᠥᠳᠡᠨ ᠴᠧᠩᠳᠦ ᠶᠢ ᠳᠠᠭᠠᠷᠢᠨ ᠡᠵᠡᠯᠡᠭᠰᠡᠨ ᠦ ᠳᠠᠷᠠᠭ᠎ᠠ ᠳ᠋ᠦ᠋ ᠶᠤᠸᠠᠨᠱᠤᠸᠠᠢ ᠲᠠᠬᠠᠢ ᠶᠢ ᠦᠯᠡᠳᠡᠭᠡᠨ ᠰᠧᠴᠤᠸᠠᠨ ᠤ ᠭᠠᠵᠠᠷ ᠢ ᠦᠷᠭᠦᠯᠵᠢᠯᠡᠨ ᠳᠠᠢᠯᠠᠭᠤᠯᠵᠤ᠂ ᠥᠪᠡᠷᠲᠡᠭᠡᠨ ᠭᠣᠣᠯ ᠴᠡᠷᠢᠭ ᠢᠶᠡᠨ ᠠᠪᠴᠤ ᠱᠠᠨᠰᠢ ᠳᠤ ᠪᠤᠴᠠᠭᠰᠠᠨ ᠳᠤᠷ ᠰᠦᠩ ᠤᠯᠤᠰ ᠤᠨ ᠴᠡᠷᠢᠭ ᠴᠧᠩᠳᠦ ᠶᠢ ᠪᠤᠴᠠᠭᠠᠨ ᠠᠪᠴᠠᠢ᠃ ᠰᠡᠭᠦᠯᠴᠢ ᠶᠢᠨ ᠨᠢᠭᠡᠨ ᠦᠶ᠎ᠡ ᠳᠦ ᠲᠠᠬᠠᠢ ᠰᠧᠴᠤᠸᠠᠨ ᠨᠤᠲᠤᠭ ᠲᠤ ᠠᠯᠢ ᠣᠯᠠᠨ ᠬᠣᠯᠠᠭᠤᠷ ᠲᠣᠭᠤᠷᠢᠨ ᠴᠣᠬᠢᠬᠤ ᠲᠠᠭᠠᠷᠢᠯᠲᠠ ᠶᠠᠪᠤᠭᠤᠯᠵᠠᠢ᠃ ᠲᠠᠢᠽᠦ᠋ᠩ ᠦ᠋ᠨ ᠶᠢᠰᠦᠳᠦᠭᠡᠷ ᠣᠨ ︵1237︶ ᠤ ᠬᠠᠪᠤᠷ᠂ ᠲᠠᠬᠠᠢ᠂ ᠸᠠᠩ ᠱᠢ ᠰᠢᠶᠠᠨ ᠯᠤᠭ᠎ᠠ ᠴᠡᠷᠢᠭ ᠢᠶᠡᠨ ᠳᠠᠭᠠᠭᠤᠯᠤᠨ ᠰᠥᠨᠢ ᠪᠡᠷ ᠡᠦ ᠱᠢ ᠰᠢᠶᠠᠨ︵ᠣᠳᠣ ᠶ᠋ᠢᠨ ᠰᠧᠴᠤᠸᠠᠨ ᠮᠤᠵᠢ ᠶᠢᠨ ᠰᠦᠶ ᠨᠢᠩ ᠬᠣᠲᠠ ︶ ᠢ ᠭᠡᠨᠡᠳᠡᠭᠦᠯᠦᠨ ᠳᠠᠭᠠᠷᠢᠭᠠᠳ ᠬᠣᠲᠠ ᠳᠣᠲᠤᠷᠠᠬᠢ ᠰᠠᠩ ᠬᠥᠮᠦᠷᠭᠡ ᠶ᠋ᠢᠨ ᠠᠮᠤ ᠪᠤᠳᠠᠭ᠎ᠠ ᠮᠥᠩᠭᠦ ᠵᠣᠭᠤᠰ ᠢ᠋ ᠬᠣᠭᠤᠰᠤᠷᠠᠲᠠᠯ᠎ᠠ ᠴᠦᠯᠪᠡᠵᠡᠢ᠃ ᠲᠤᠰ ᠵᠢᠯ ᠦᠨ 6 ᠰᠠᠷ᠎ᠠ ᠳᠤ ᠲᠠᠬᠠᠢ᠂ ᠬᠣᠣ ᠬᠤᠤᠱᠠᠩ᠂ ᠠᠨᠵᠤᠤᠷ᠂ ᠯᠢᠶᠠᠩ ᠪᠢᠩ ᠵᠢᠶᠦ᠋ᠨ ᠵᠡᠷᠭᠡ ᠵᠠᠩᠵᠤᠨ ᠨᠠᠷ ᠢ ᠳᠠᠢᠴᠢᠯᠠᠨ ᠰᠦᠩ ᠤᠯᠤᠰ ᠤᠨ ᠴᠡᠷᠢᠭ ᠦᠨ ᠱᠠᠨᠰᠢ ᠶᠢᠨ ᠡᠮᠦᠨ᠎ᠡ ᠬᠡᠰᠡᠭ ᠲᠡᠬᠢ ᠥᠨᠦᠴᠢᠨ ᠰᠠᠭᠤᠷᠢᠨ ᠭᠠᠵᠠᠷ ᠪᠣᠯᠬᠤ ᠵᠢᠨᠵᠧᠦ ᠶ᠋ᠢ ᠳᠠᠭᠠᠷᠢᠨ ᠡᠵᠡᠯᠡᠵᠦ᠂ ᠳ᠋ᠡ ᠪᠠ ᠱᠠᠨ ᠤ᠋ ᠤᠰᠤᠨ ᠵᠠᠮ ᠢᠶᠠᠷ ᠨᠡᠪᠲᠡᠷᠡᠨ ᠴᠢᠤᠶ ᠲᠠᠩ︵ᠣᠳᠣ ᠶ᠋ᠢᠨ ᠰᠧᠴᠤᠸᠠᠨ ᠤ ᠹᠧᠩ ᠵᠢᠶᠧ ᠰᠢᠶᠠᠨ ᠤ᠋ ᠶ᠋ᠢᠨ ᠵᠡᠭᠦᠨᠲᠡᠢ︶ ᠢ ᠰᠢᠬᠠᠮᠳᠠᠭᠤᠯᠵᠠᠢ᠃ ᠠᠷᠪᠠᠨ ᠨᠢᠭᠡᠳᠦᠭᠡᠷ ᠰᠠᠷ᠎ᠠ ᠶᠢᠨ ᠬᠣᠷᠢᠨ ᠲᠤᠯᠤᠭᠠᠨ ᠤ ᠡᠳᠦᠷ᠂ ᠮᠣᠩᠭᠤᠯ ᠴᠡᠷᠢᠭ ᠭᠦᠢᠵᠧᠦ ᠶᠢᠨ ᠠᠷᠤ ᠶᠢᠨ ᠸᠸ ᠯᠦᠩ ᠱᠠᠨ ᠠ᠋ᠴᠠ ᠲᠠᠭᠠᠷᠢᠯᠲᠠ ᠬᠢᠭᠰᠡᠨ ᠳᠦ ᠰᠦᠩ ᠤᠯᠤᠰ ᠤᠨ ᠵᠠᠩᠵᠤᠨ ᠶᠠᠩ ᠹᠦ ᠱᠢ ᠪᠠᠢᠯᠳᠤᠨ ᠦᠬᠦᠵᠦ ᠯᠦ᠍ ᠫᠦ ᠵᠢᠭᠤᠳᠠᠨ ᠳᠤᠲᠠᠭᠠᠪᠠ᠃ ᠲᠠᠢᠽᠦ᠋ᠩ ᠦ᠋ᠨ ᠠᠷᠪᠠᠳᠤᠭᠠᠷ ᠣᠨ ︵ 1238︶ ᠤ ᠡᠪᠦᠯ ᠲᠠᠬᠠᠢ ᠴᠡᠷᠢᠭ ᠳᠠᠢᠴᠢᠯᠠᠨ ᠵᠢᠶᠠ ᠮᠧᠩ ᠢᠶᠡᠷ︵ᠣᠳᠣ ᠶ᠋ᠢᠨ ᠰᠧᠴᠤᠸᠠᠨ ᠤ ᠵᠢᠶᠠᠨ ᠭᠧ ᠰᠢᠶᠠᠨ ᠤ ᠵᠡᠭᠦᠨᠲᠡᠢ ︶ ᠯᠦᠩ ᠴᠢᠩ ︵ ᠣᠳᠣ ᠶ᠋ᠢᠨ ᠰᠧᠴᠤᠸᠠᠨ ᠤ ᠯᠠᠩᠵᠦ᠋ᠩ ᠰᠢᠶᠠᠨ ︶᠂ ᠽᠢᠵᠧᠦ ᠵᠡᠷᠭᠡ ᠭᠠᠵᠠᠷ ᠣᠷᠤᠨ ᠢ ᠳᠠᠭᠠᠷᠢᠨ ᠡᠵᠡᠯᠡᠭᠡᠳ ᠰᠧᠴᠤᠸᠠᠨ ᠤ ᠪᠠᠷᠠᠭᠤᠨ ᠣᠷᠤᠨ ᠳ᠋ᠤ᠌ ᠲᠦᠷᠢᠨ ᠣᠷᠤᠵᠠᠢ᠃ ᠠᠷᠪᠠᠳᠤᠭᠠᠷ ᠰᠠᠷ᠎ᠠ ᠶᠢᠨ ᠠᠷᠪᠠᠨ ᠲᠤᠯᠤᠭᠠᠨ ᠤ ᠡᠳᠦᠷ᠂ ᠰᠧᠴᠤᠸᠠᠨ ᠤ ᠲᠣᠭᠲᠠᠭᠠᠵᠤ ᠪᠠᠢᠯᠭᠠᠬᠤ ᠲᠦᠰᠢᠮᠡᠯ ᠸᠠᠩ ᠯᠢᠦᠢ ᠵᠧᠩ᠂ ᠳ᠋ᠦᠲ᠋ᠦ᠋ᠩ ᠵᠠᠩ ᠵᠧᠨ ᠨᠡᠷ ᠦᠨ ᠳᠠᠭᠠᠭᠤᠯᠤᠭᠰᠠᠨ ᠣᠷᠭᠤᠳᠤᠤᠯ ᠴᠡᠷᠢᠭ ᠫᠧᠩᠵᠸᠦ ︵ ᠣᠳᠣ ᠶ᠋ᠢᠨ ᠫᠧᠩ ᠰᠢᠶᠠᠨ ︶᠂ ᠵᠦᠰᠢ᠂ ᠳ᠋ᠣᠣ ᠵᠢᠶᠠᠩ 《ᠣᠳᠣ ᠶ᠋ᠢᠨ ᠭᠤᠸᠠᠨ ᠰᠢᠶᠠᠨ ᠤ》 ᠤᠨ ᠬᠢᠯᠢ ᠳᠦ ᠬᠦᠨᠳᠦ ᠬᠣᠬᠢᠷᠠᠯ ᠳᠤ ᠤᠴᠠᠷᠠᠭᠠᠳ ᠵᠠᠩ ᠵᠧᠨ ᠪᠠᠢᠯᠳᠤᠨ ᠦᠬᠦᠵᠡᠢ᠃ ᠮᠣᠩᠭᠤᠯ ᠴᠡᠷᠢᠭ ᠳᠡᠢᠯᠦᠭᠰᠡᠨ ᠬᠦᠴᠦᠨ ᠳᠡᠭᠡᠨ ᠳᠠᠪᠰᠢᠨ ᠰᠧᠴᠤᠸᠠᠨ ᠤ ᠪᠠᠷᠠᠭᠤᠨ ᠣᠷᠤᠨ ᠢ ᠳᠠᠭᠠᠷᠢᠨ ᠳᠣᠪᠲᠤᠯᠵᠤ᠂ ᠭᠦᠩ ᠯᠠᠢ᠂ ᠳ᠋ᠢᠶᠣᠣ ᠯᠢ︵ᠣᠳᠣ ᠶ᠋ᠢᠨ ᠲᠢᠶᠠᠨ ᠴᠢᠤᠸᠠᠨ ᠰᠢᠶᠠᠨ ᠤ ᠪᠠᠷᠠᠭᠤᠨᠲᠠᠢ ︶ ᠶᠢ ᠳᠠᠭᠠᠷᠢᠨ ᠡᠵᠡᠯᠡᠵᠦ᠂ ᠯᠢ ︵ᠣᠳᠣ ᠶ᠋ᠢᠨ ᠬᠠᠨ ᠶᠤᠸᠠᠨ ︶᠂ ᠶᠠ︵ᠣᠳᠣ ᠶ᠋ᠢᠨ ᠶᠠ ᠠᠨ ︶ ᠳᠤ ᠰᠢᠭᠤᠳ ᠴᠣᠬᠢᠨ ᠣᠷᠤᠵᠤ ᠳ᠋ᠠ ᠾᠧ ᠭᠣᠣᠯ ᠤᠨ ᠬᠥᠪᠡᠭᠡᠨ ᠳ᠋ᠡᠬᠢ ᠮᠥ ᠪᠦᠸᠧ ᠤᠯᠤᠰ ᠤᠨ ᠬᠢᠯᠢ ᠳᠦ ᠬᠦᠷᠴᠡᠢ᠃ ᠲᠠᠢᠽᠦ᠋ᠩ ᠦ᠋ᠨ ᠠᠷᠪᠠᠨ ᠨᠢᠭᠡᠳᠦᠭᠡᠷ ᠣᠨ ︵1239︶ ᠤ ᠨᠠᠢ᠍ᠮᠠᠳᠤᠭᠠᠷ ᠰᠠᠷ᠎ᠠ ᠳᠤ᠂ ᠲᠠᠬᠠᠢ ᠲᠠᠬᠢᠵᠤ ᠴᠡᠷᠢᠭ ᠳᠠᠢᠴᠢᠯᠠᠨ ᠰᠧᠴᠤᠸᠠᠨ ᠴᠥᠮᠦᠷᠡᠨ ᠣᠷᠤᠵᠤ ᠰᠢᠨ ᠦ᠌ ᠡᠴᠡ ᠴᠧᠩᠳᠦ ᠶᠢ ᠳᠠᠬᠢᠨᠲᠠ ᠴᠣᠬᠢᠭᠰᠠᠨ ᠳᠤ ᠰᠦᠩ ᠤᠯᠤᠰ ᠤᠨ ᠲᠣᠭᠲᠠᠭᠠᠵᠤ ᠪᠠᠢᠯᠭᠠᠬᠤ ᠲᠦᠰᠢᠮᠡᠯ ᠳ᠋ᠢᠩ ᠫᠦ ᠬᠣᠲᠠ ᠶᠢᠨ ᠡᠮᠦᠨ᠎ᠡ ᠬᠠᠭᠠᠯᠭ᠎ᠠ ᠪᠠᠷ ᠰᠥᠨᠢ ᠪᠡᠷ ᠭᠠᠷᠴᠤ ᠪᠠᠢᠯᠳᠤᠭᠠᠳ ᠪᠠᠢᠯᠳᠤᠨ ᠦᠬᠦᠪᠡ᠃ ᠲᠠᠬᠠᠢ ᠴᠧᠩᠳᠦ ᠶᠢ ᠳᠠᠭᠠᠷᠢᠨ ᠡᠵᠡᠯᠡᠭᠰᠡᠨ ᠦ ᠳᠠᠷᠠᠭ᠎ᠠ ᠵᠠᠯᠭᠠᠭ᠎ᠠ ᠪᠠᠷ᠂ ᠬᠠᠨ᠂ ᠭᠦᠩ᠂ ᠵᠢᠶᠠᠨ᠂ ᠮᠧᠢ᠂ ᠫᠧᠩᠵᠸᠦ᠂ ᠰᠦᠶ ᠨᠢᠩ᠂ ᠱᠦᠨ ᠴᠢᠩ ᠹᠦ ᠵᠡᠷᠭᠡ ᠭᠠᠵᠠᠷ ᠤᠳ ᠢ ᠳᠠᠭᠠᠷᠢᠨ ᠡᠵᠡᠯᠡᠵᠡᠢ᠃ ᠲᠤᠰ ᠵᠢᠯ ᠦᠨ ᠨᠠᠮᠤᠷ ᠲᠠᠬᠠᠢ ᠴᠡᠷᠢᠭ ᠳᠠᠢᠴᠢᠯᠠᠨ ᠡᠮᠦᠨᠡᠰᠢ ᠪᠠᠭᠤᠵᠤ ᠰᠧᠴᠤᠸᠠᠨ ᠤ ᠵᠡᠭᠦᠨ ᠣᠷᠤᠨ ᠢ᠋ ᠳᠠᠭᠠᠷᠢᠨ ᠳᠣᠪᠲᠤᠯᠵᠠᠢ᠃ ᠠᠨᠵᠤᠤᠷ ᠵᠢᠶᠠ ᠯᠢᠩ ᠵᠢᠶᠠᠩ ᠮᠥᠷᠡᠨ ᠳᠠᠭᠠᠤ ᠡᠮᠦᠨᠡᠰᠢ ᠪᠠᠭᠤᠵᠤ ᠰᠢᠭᠤᠳ ᠴᠦᠩᠴᠢᠩ ᠢ ᠡᠵᠡᠯᠡᠪᠡ᠃ ᠸᠠᠩ ᠱᠢ ᠰᠢᠶᠠᠨ ᠤ ᠴᠡᠷᠢᠭ ᠴᠢᠤᠶ ᠵᠢᠶᠠᠩ ᠮᠥᠷᠡᠨ ᠢ ᠭᠠᠲᠤᠯᠵᠤ ᠵᠡᠭᠦᠨᠰᠢ ᠴᠡᠷᠢᠭᠯᠡᠨ ᠳ᠋ᠠᠵᠧᠤ᠂ ᠺᠠᠢᠵᠸᠦ ᠪᠠᠷ ᠳᠠᠮᠵᠢᠨ ᠸᠠᠨᠵᠧᠤ ᠳᠤᠷ ᠬᠦᠷᠴᠦ ᠴᠡᠷᠢᠭ ᠲᠣᠮᠢᠯᠠᠨ ᠬᠣ ᠲᠠᠨ ᠣᠯᠤᠮ ᠢ᠋ ᠭᠡᠲᠦᠯᠦᠨ ᠰᠥᠨᠢ ᠶ᠋ᠢᠨ ᠬᠠᠷᠠᠩᠭᠤᠢ ᠳᠤ ᠵᠠᠪᠢ ᠰᠠᠯ ᠢᠶᠠᠷ ᠮᠥᠷᠡᠨ ᠢ᠋ ᠭᠠᠲᠤᠯᠵᠤ ᠡᠮᠦᠨ᠎ᠡ ᠡᠷᠭᠢ ᠶᠢᠨ ᠰᠦᠩ ᠤᠯᠤᠰ ᠤᠨ ᠴᠡᠷᠢᠭ ᠢ ᠴᠣᠬᠢᠵᠤ᠂ ᠭᠦᠢ ᠰᠢᠶᠠ ᠬᠠᠪᠴᠢᠯ ᠳᠤ ᠨᠡᠬᠡᠮᠵᠢᠯᠡᠨ ᠬᠦᠷᠴᠦ᠂ ᠡᠦ ᠱᠠᠨ ᠳ᠋ᠤᠷ ᠲᠤᠯᠵᠤ ᠰᠦᠩ ᠤᠯᠤᠰ ᠤᠨ ᠲᠤᠰᠠᠯᠠᠬᠤ ᠴᠡᠷᠢᠭ  ᠯᠦᠭᠡ ᠬᠠᠷᠭᠤᠵᠤ ᠪᠠᠢᠯᠳᠤᠭᠠᠳ ᠳᠠᠢᠰᠤᠨ ᠢ 3000 ᠭᠠᠷᠤᠢ ᠴᠠᠪᠴᠢᠨ ᠠᠯᠠᠵᠠᠢ᠃ ᠮᠥᠷᠡᠨ ᠭᠠᠲᠤᠯᠤᠭᠰᠠᠨ ᠮᠣᠩᠭᠤᠯ ᠴᠡᠷᠢᠭ ᠦᠨ ᠨᠢᠭᠡᠨ ᠪᠦᠯᠦᠭ ᠨᠢ ᠠᠷᠪᠠᠨ ᠬᠣᠶᠠᠳᠤᠭᠠᠷ ᠰᠠᠷ᠎ᠠ ᠶᠢᠨ ᠬᠣᠷᠢᠨ ᠬᠣᠶᠠᠷ ᠤᠨ ᠡᠳᠦᠷ ᠰ᠌ᠢᠵᠧᠦ ᠶᠢ︵ ᠣᠳᠣ ᠶ᠋ᠢᠨ ᠬᠤᠪᠧᠢ ᠮᠤᠵᠢ ᠶᠢᠨ ᠧᠨ ᠱᠢ ︶ ᠡᠪᠳᠡᠭᠡᠳ ᠰᠦᠩ ᠤᠯᠤᠰ ᠤᠨ ᠵᠠᠩᠵᠤᠨ ᠮᠧᠩ ᠭᠦᠩ ᠦ᠋ᠨ ᠴᠡᠷᠢᠭ ᠲᠦ ᠴᠣᠬᠢᠭᠳᠠᠨ ᠤᠬᠤᠷᠢᠪᠠ᠃ ᠲᠠᠬᠠᠢ᠂ ᠰᠦᠩ ᠤᠯᠤᠰ ᠤᠨ ᠴᠡᠷᠢᠭ ᠪᠡᠯᠡᠳᠭᠡᠯ ᠲᠡᠢ ᠪᠠᠢᠭ᠎ᠠ ᠶᠢ ᠮᠡᠳᠡᠭᠡᠳ ᠴᠡᠷᠢᠭ ᠢᠶᠡᠨ ᠲᠠᠲᠠᠵᠠᠢ᠃ ᠲᠠᠢᠽᠦ᠋ᠩ ᠦ᠋ᠨ ᠠᠷᠪᠠᠨ ᠭᠤᠷᠪᠠᠳᠤᠭᠠᠷ ᠣᠨ ︵ 1241︶ ᠤ ᠠᠷᠪᠠᠨ ᠨᠢᠭᠡᠳᠦᠭᠡᠷ ᠰᠠᠷ᠎ᠠ ᠳᠤ ᠲᠠᠬᠠᠢ᠂ ᠠᠨᠵᠤᠤᠷ᠂ ᠸᠠᠩ ᠱᠢ ᠰᠢᠶᠠᠨ ᠤ ᠴᠡᠷᠢᠭ ᠴᠧᠩᠳᠦ ᠶᠢ ᠳᠠᠬᠢᠨ ᠪᠦᠰᠡᠯᠡᠭᠰᠡᠨ ᠳᠦ ᠰᠦᠩ ᠤᠯᠤᠰ ᠤᠨ ᠲᠣᠭᠲᠠᠭᠠᠵᠤ ᠪᠠᠢᠯᠭᠠᠬᠤ ᠲᠦᠰᠢᠮᠡᠯ ᠴᠧᠨ ᠯᠦᠩ ᡁᠢ ᠬᠣᠲᠠ ᠪᠠᠨ ᠦᠬᠦᠬᠦᠸᠡᠷ ᠬᠠᠮᠠᠭᠠᠯᠠᠭᠰᠠᠨ ᠪᠣᠯᠪᠠᠴᠤ ᠰᠦᠩ ᠤᠯᠤᠰ ᠤᠨ ᠵᠠᠩᠵᠤᠨ ᠲᠢᠶᠠᠨ ᠱᠢ ᠰᠢᠶᠠᠨ ᠬᠣᠲᠠ ᠶᠢᠨ ᠠᠷᠤ ᠬᠠᠭᠠᠯᠭ᠎ᠠ ᠶᠢ ᠲᠠᠢᠯᠵᠤ ᠪᠠᠭᠤᠵᠤ ᠥᠭᠭᠦᠭᠰᠡᠨ ᠢ᠋ᠶ᠋ᠡᠷ ᠮᠣᠩᠭᠤᠯ ᠴᠡᠷᠢᠭ ᠬᠣᠲᠠ ᠳᠣᠲᠤᠷ᠎ᠠ ᠴᠥᠮᠦᠷᠡᠨ ᠣᠷᠤᠵᠤ ᠴᠧᠨ ᠯᠦᠩ ᡁᠢ ᠶᠢ ᠪᠠᠷᠢᠪᠴᠢᠯᠠᠨ ᠠᠯᠠᠵᠤ ᠴᠧᠩᠳᠦ ᠶᠢ ᠳᠠᠬᠢᠭᠠᠳ ᠡᠪᠳᠡᠵᠡᠢ᠃ ᠵᠠᠯᠭᠠᠭ᠎ᠠ ᠪᠠᠷ ᠬᠠᠨᠵᠧᠤ᠂ ᠵᠢᠶᠠ ᠳ᠋ᠢᠩ᠂ ᠯᠦᠵᠧᠦ᠂ ᠰᠢᠦᠢ ᠵᠧᠦ ᠵᠡᠷᠭᠡ 20 ᠭᠠᠷᠤᠶ ᠬᠣᠲᠠ ᠶᠢ ᠳᠠᠭᠠᠷᠢᠨ ᠡᠵᠡᠯᠡᠭᠰᠡᠨ ᠦ ᠳᠠᠷᠠᠭ᠎ᠠ ᠰᠠᠶᠢ ᠴᠡᠷᠢᠭ ᠬᠣᠷᠢᠶᠠᠨ ᠬᠣᠢᠰᠢ ᠪᠤᠴᠠᠪᠠ᠃ ᠥᠭᠡᠳᠡᠢ ᠬᠠᠭᠠᠨ ᠨᠠᠰᠤᠨ ᠲᠡᠭᠦᠰ ᠪᠣᠯᠤᠭᠰᠠᠨ ᠤ᠋ ᠳᠠᠷᠠᠭ᠎ᠠ ᠮᠣᠩᠭᠤᠯ ᠴᠡᠷᠢᠭ ᠳᠡᠮᠡᠢ ᠣᠯᠠᠨ ᠳᠠᠢᠲᠤᠭᠰᠠᠨ ᠦᠭᠡᠢ ᠲᠤᠯᠠ ᠲᠡᠢᠨ ᠳᠠᠵᠢᠨ ᠵᠣᠭᠰᠤᠩᠭᠤᠢ ᠪᠠᠢᠳᠠᠯ ᠳᠤ ᠣᠷᠤᠵᠠᠢ᠃