ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠬᠣᠨᠢᠴᠢᠨ ᠪᠠᠶᠠᠰᠭᠤᠯᠠᠩ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠬᠣᠨᠢᠴᠢᠨ ᠪᠠᠶᠠᠰᠭᠤᠯᠠᠩ ᠣᠷᠳᠤᠰ ᠬᠣᠲᠠ ᠶ᠋ᠢᠨ ᠬᠠᠩᠭᠢᠨ ᠬᠣᠰᠢᠭᠤᠨ ᠤ᠋ ᠤᠤᠭᠠᠯ᠂ ᠳᠡᠭᠡᠷ᠎ᠡ ᠵᠠᠭᠤᠨ ᠤ᠋ ᠳᠠᠯᠠᠭᠠᠳ ᠣᠨ ᠤ᠋︽ ᠲᠥᠯ︾᠂ ᠶᠡᠬᠡ ᠰᠤᠷᠭᠠᠭᠤᠯᠢ ᠶ᠋ᠢᠨ ᠰᠤᠷᠤᠯᠭ᠎ᠠ ᠶ᠋ᠢᠨ ᠨᠠᠮᠲᠠᠷ ᠲᠠᠢ᠃ ᠡᠳᠦᠭᠡ ᠬᠠᠩᠭᠢᠨ ᠬᠣᠰᠢᠭᠤᠨ ᠤ᠋ ᠤᠳᠭ᠎ᠠ ᠵᠣᠬᠢᠶᠠᠯ ᠤᠷᠠᠯᠢᠭ ᠤ᠋ᠨ ᠬᠢᠨ ᠦ᠌ ᠬᠣᠯᠪᠤᠭ᠎ᠠ ᠶ᠋ᠢᠨ ᠳᠡᠳ᠋ ᠲᠡᠷᠢᠭᠦᠯᠡᠭᠴᠢ ᠪᠡᠷ ᠠᠵᠢᠯᠯᠠᠵᠤ ᠪᠤᠢ᠃ ᠳᠡᠭᠡᠷ᠎ᠡ ᠵᠠᠭᠤᠨ ᠤ᠋ ᠰᠡᠭᠦᠯᠴᠢ ᠪᠡᠷ ᠤᠷᠠᠨ ᠵᠣᠬᠢᠶᠠᠯ ᠤ᠋ᠨ ᠭᠠᠩ ᠳᠦᠷᠦᠭᠡ ᠵᠢᠭᠢᠵᠦ᠂ ᠣᠳᠣ ᠪᠣᠯᠬᠤ ᠳ᠋ᠤ᠌︽ ᠰᠠᠷᠠᠨ ᠭᠤᠸ᠎ᠠ ᠡᠵᠢ︾᠂︽ ᠠᠷᠭᠠᠲᠤ ᠴᠠᠭᠠᠨ ᠲᠠᠤᠯᠠᠢ︾᠂︽ ᠵᠢᠷᠭᠠᠯ ᠤ᠋ᠨ ᠨᠢᠭᠤᠴᠠ︾ ᠵᠡᠷᠭᠡ ᠬᠡᠦᠬᠡᠳ ᠦ᠋ᠨ ᠵᠣᠬᠢᠶᠠᠯ ᠤ᠋ᠨ ᠲᠡᠭᠦᠪᠦᠷᠢ᠂︽ ᠮᠠᠯᠴᠢᠨ ᠤ᠋ ᠠᠮᠢᠳᠤᠷᠠᠯ︾᠂︽ ᠠᠪᠤ ᠶ᠋ᠢᠨ ᠮᠥᠷ ᠲᠡᠢ ᠰᠢᠷᠤᠢ︾ ᠵᠡᠷᠭᠡ ᠮᠡᠳᠡᠭᠡ ᠴᠢᠮᠡᠭᠡᠯᠡᠯ ᠦ᠋ᠨ ᠲᠡᠭᠦᠪᠦᠷᠢ ᠲᠡᠢ ᠪᠣᠯᠵᠠᠢ᠃︽ ᠦᠨᠳᠦᠰᠦᠲᠡᠨ ᠦ᠌ ᠤᠳᠭ᠎ᠠ ᠵᠣᠬᠢᠶᠠᠯ︾᠂ ᠥᠨᠢᠷ ᠴᠡᠴᠡᠭ︾᠂︽ ᠠᠯᠲᠠᠨ ᠭᠠᠨᠳᠠᠷᠢ︾᠂︽ ᠴᠣᠮᠣᠷᠯᠢᠭ︾᠂︽ ᠨᠠᠬᠢᠶ᠎ᠠ︾᠂︽ ᠥᠪᠦᠷ ᠮᠣᠩᠭᠤᠯ ᠤ᠋ᠨ ᠪᠠᠭᠠᠴᠤᠳ︾᠁ ᠵᠡᠷᠭᠡ ᠰᠣᠨᠢᠨ ᠰᠡᠳᠭᠦᠯ ᠢ᠋ᠶ᠋ᠡᠷ ᠵᠠᠭᠤ ᠭᠠᠷᠤᠢ ᠬᠡᠦᠬᠡᠳ ᠦ᠋ᠨ ᠥᠭᠦᠯᠡᠯᠭᠡ᠂ ᠨᠠᠢᠷᠠᠭᠤᠯᠤᠯ᠂ ᠬᠡᠦᠬᠡᠳ ᠦ᠋ᠨ ᠵᠣᠬᠢᠶᠠᠯ ᠨᠡᠢᠲᠡᠯᠡᠭᠦᠯᠪᠡ᠃ ︽ᠴᠣᠮᠣᠷᠯᠢᠭ︾ ᠰᠡᠳᠭᠦᠯ ᠦ᠋ᠨ2012 ᠣᠨ ᠤ᠋ ᠬᠡᠦᠬᠡᠳ ᠦ᠋ᠨ ᠥᠭᠦᠯᠡᠯᠭᠡ ᠶ᠋ᠢᠨ ᠤᠷᠤᠯᠳᠤᠭᠠᠨ ᠤ᠋ ᠲᠡᠷᠢᠭᠦᠨ ᠨᠡᠷ᠎ᠡ᠂ ᠣᠷᠳᠤᠰ ᠬᠣᠲᠠ ᠶ᠋ᠢᠨ︽ ᠬᠣᠰᠢᠭᠤᠴᠢ︾ ᠨᠠᠢᠷᠠᠭᠤᠯᠤᠯ ᠤ᠋ᠨ ᠤᠷᠤᠯᠳᠤᠭᠠᠨ ᠤ᠋ ᠲᠡᠷᠢᠭᠦᠨ ᠨᠡᠷ᠎ᠡ᠂ ᠲᠥᠪ ᠷᠠᠳᠢᠣ᠋ ᠶ᠋ᠢᠨ︵2015 ᠣᠨ︾ ᠡᠯᠰᠡᠭᠰᠡᠨ ᠵᠣᠬᠢᠶᠠᠯ ᠤ᠋ᠨ ᠤᠷᠤᠯᠳᠤᠭᠠᠨ ᠤ᠋ ᠣᠨᠴᠠ ᠳᠡᠰ᠂ ᠣᠷᠳᠤᠰ ᠬᠣᠲᠠ ᠶ᠋ᠢᠨ ᠤᠳᠭ᠎ᠠ ᠤᠷᠠᠯᠢᠭ ᠤ᠋ᠨ ᠵᠣᠬᠢᠶᠠᠨ ᠪᠦᠲᠦᠭᠡᠯᠭᠡ ᠶ᠋ᠢᠨ ᠱᠠᠩᠨᠠᠯ︵2006︶᠂︽ ᠴᠣᠮᠣᠷᠯᠢᠭ ᠬᠤᠨᠳᠠᠭᠠᠲᠤ︾ ᠬᠡᠦᠬᠡᠳ ᠦ᠋ᠨ ᠵᠣᠬᠢᠶᠠᠯ ᠤ᠋ᠨ ᠠᠩᠬᠠᠳᠤᠭᠠᠷ ᠤᠳᠠᠭᠠᠨ ᠤ᠋ ᠨᠠᠭᠠᠳᠤᠮ ᠳ᠋ᠤ᠌ ᠬᠣᠶᠠᠳᠤᠭᠠᠷ ᠳᠡᠰ᠂ ᠬᠣᠶᠠᠳᠤᠭᠠᠷ ᠤᠳᠠᠭᠠᠨ ᠤ᠋ ᠨᠠᠭᠠᠳᠤᠮ ᠳ᠋ᠤ᠌ ᠭᠤᠷᠪᠠᠳᠤᠭᠠᠷ ᠳᠡᠰ ᠲᠦ᠍ ᠲᠣᠳᠤᠷᠠᠪᠠ᠃︽ ᠬᠤᠨ ᠭᠠᠯᠠᠭᠤ︾︵2012︶ ᠰᠡᠳᠭᠦᠯ ᠡᠴᠡ ᠡᠷᠬᠢᠯᠡᠭᠰᠡᠨ ᠵᠣᠬᠢᠶᠠᠯ ᠤ᠋ᠨ ᠤᠷᠤᠯᠳᠤᠭᠠᠨ ᠤ᠋ ᠭᠤᠷᠪᠠᠳᠤᠭᠠᠷ ᠳᠡᠰ᠁ ᠵᠡᠷᠭᠡ ᠱᠠᠩᠨᠠᠯ ᠬᠥᠬᠢᠭᠦᠯᠦᠯ ᠢ᠋ᠶ᠋ᠡᠷ ᠡᠩᠭᠡᠷ ᠢ᠋ᠶ᠋ᠡᠨ ᠮᠢᠯᠢᠶᠠᠯᠭᠠᠵᠠᠢ᠃ ︽ᠳᠣᠪᠤ ᠪᠠᠨ ᠲᠣᠭᠤᠷᠢᠭᠰᠠᠨ ᠪᠣᠳᠤᠯ︾ ᠰᠢᠭᠦᠮᠵᠢ ᠨᠠᠢᠷᠠᠭᠤᠯᠤᠯ᠂︽ ᠤᠭᠤᠷᠠᠭ ᠴᠠᠭᠠᠨ ᠰᠦ ᠶ᠋ᠢᠨ ᠤᠴᠢᠷᠯᠠᠵᠤ ᠥᠭᠦᠯᠡᠭᠰᠡᠨ ᠦᠯᠢᠭᠡᠷ︾ ᠵᠡᠷᠭᠡ ᠪᠦᠲᠦᠭᠡᠯ ᠨᠢ ᠳᠤᠮᠳᠠᠳᠤ ᠪᠠᠭ᠎ᠠ ᠰᠤᠷᠭᠠᠭᠤᠯᠢ ᠶ᠋ᠢᠨ ᠮᠣᠩᠭᠤᠯ ᠬᠡᠯᠡ ᠪᠢᠴᠢᠭ ᠦ᠋ᠨ ᠬᠢᠴᠢᠶᠡᠯ ᠦ᠋ᠨ ᠳᠡᠪᠲᠡᠷ  ᠲᠦ᠍ ᠰᠣᠩᠭᠤᠭᠳᠠᠪᠠ᠃