ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠠᠯᠮᠠᠰᠪᠥ᠋ᠬᠡ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠠᠯᠮᠠᠰᠪᠥ᠋ᠬᠡ᠂ ᠪᠢᠷ ᠦ᠋ᠨ ᠨᠡᠷ᠎ᠡ᠄ᠪ ᠳᠠᠪᠠᠯᠭᠠᠨ᠃ ᠳᠡᠭᠡᠷ᠎ᠡ ᠵᠠᠭᠤᠨ ᠤ᠋1974 ᠣᠨ ᠤ᠋9 ᠰᠠᠷ᠎ᠠ ᠶ᠋ᠢᠨ2 ᠤ᠋ᠨ ᠡᠳᠦᠷ᠂ ᠰᠢᠯᠢ ᠶ᠋ᠢᠨ ᠭᠣᠣᠯ ᠠᠢᠮᠠᠭ ᠤ᠋ᠨ ᠰᠢᠯᠤᠭᠤᠨ ᠬᠥᠬᠡ ᠬᠣᠰᠢᠭᠤᠨ ᠤ᠋ ᠶᠡᠬᠡᠬᠠᠢᠷᠬᠠᠨ ᠨᠢᠭᠡᠳᠦᠯ︵ ᠣᠳᠣ ᠶ᠋ᠢᠨ ᠪᠣᠱᠤᠤᠳᠠᠢ ᠰᠤᠮᠤ︶ ᠶ᠋ᠢᠨ ᠬᠡᠷᠡᠮᠲᠦ ᠬᠡᠮᠡᠬᠦ ᠪᠠᠷᠢᠭᠠᠳᠠ ᠶ᠋ᠢᠨ ᠮᠠᠯᠴᠢᠨ ᠭᠠᠷᠤᠯ ᠲᠠᠢ ᠳᠡᠭᠡᠷ᠎ᠡ ᠵᠠᠭᠤᠨ ᠤ᠋1947 ᠣᠨ ᠳ᠋ᠤ᠌ ᠬᠤᠪᠢᠰᠭᠠᠯᠲᠤ ᠮᠣᠷᠢᠲᠤ ᠴᠡᠷᠢᠭ ᠦ᠋ᠨ ᠠᠷᠪᠠᠨ ᠵᠢᠷᠭᠤᠳᠤᠭᠠᠷ ᠳ᠋ᠢᠸᠢᠽᠢ ᠶ᠋ᠢᠨ ᠨᠢᠭᠡᠳᠦᠭᠡᠷ ᠰᠤᠮᠤᠨ ᠤ᠋ ᠰᠤᠮᠤᠨ ᠳᠠᠷᠤᠭ᠎ᠠ ᠮᠡᠨᠳᠦᠵᠢᠷᠭᠠᠯ ᠤ᠋ᠨ ᠪᠠᠢᠯᠳᠤᠭᠴᠢ ᠪᠠᠢᠭᠰᠠᠨ ᠠ᠋ᠴᠠ ᠪᠠᠨ ᠤᠯᠤᠰ ᠴᠢᠯᠥᠭᠡᠯᠡᠭᠳᠡᠭᠰᠡᠨ ᠦ᠌ ᠳᠠᠷᠠᠭ᠎ᠠ ᠠᠵᠢᠯ ᠤ᠋ᠨ ᠭᠠᠷᠤᠭ᠎ᠠ ᠪᠠᠨ ᠶᠡᠬᠡ ᠵᠤᠤ ᠠᠢᠮᠠᠭ ᠤ᠋ᠨ ᠳᠠᠯᠠᠳ ᠬᠣᠰᠢᠭᠤᠨ ᠳ᠋ᠤ᠌ ᠠᠪᠴᠤ᠂1956 ᠣᠨ ᠠ᠋ᠴᠠ ᠰᠢᠯᠤᠭᠤᠨ ᠬᠥᠬᠡ ᠬᠣᠰᠢᠭᠤᠨ ᠳ᠋ᠤ᠌ ᠠᠵᠢᠯ ᠢ᠋ᠶ᠋ᠠᠨ ᠳᠠᠷᠬᠠᠯᠠᠲᠠᠯ᠎ᠠ ᠪᠠᠨ ᠭᠠᠢᠯᠢ ᠶ᠋ᠢᠨ ᠶᠠᠪᠤᠳᠠᠯ ᠤ᠋ᠨ ᠲᠣᠪᠴᠢᠶᠠᠨ ᠳ᠋ᠤ᠌ ᠠᠵᠢᠯᠯᠠᠭᠰᠠᠨ ᠪᠠᠷᠭᠤ ᠶᠠᠰᠤᠲᠠᠨ ᠪᠠᠲᠤ ᠪᠣᠯᠤᠨ ᠮᠠᠯᠴᠢᠨ ᠭᠠᠷᠤᠯ ᠲᠠᠢ ᠬᠤᠩᠭᠢᠷᠠᠳ ᠣᠪᠤᠭ ᠲᠠᠢ ᠨᠠᠮᠵᠢᠯᠮ᠎ᠠ ᠬᠣᠶᠠᠷ ᠤ᠋ᠨ ᠲᠠᠪᠤᠨ ᠬᠡᠦᠬᠡᠳ ᠦ᠋ᠨ ᠳᠣᠲᠤᠷᠠᠬᠢ ᠭᠠᠭᠴᠠ ᠬᠥᠪᠡᠭᠦᠨ ᠪᠣᠯᠵᠤ ᠵᠠᠶᠠᠭᠠᠭᠰᠠᠨ ᠶᠤᠮ᠃ᠳᠣᠯᠤᠭᠠᠨ ᠨᠠᠰᠤᠨ ᠠ᠋ᠴᠠ ᠪᠠᠨ ᠠᠷᠠᠳ ᠤ᠋ᠨ ᠰᠤᠷᠭᠠᠭᠤᠯᠢ ᠶ᠋ᠢᠨ ᠠᠯᠲᠠᠨ ᠪᠣᠱᠤᠭ᠎ᠠ ᠶᠢ ᠠᠯᠬᠤᠵᠤ ᠣᠷᠤᠭᠰᠠᠨ ᠪᠥᠭᠡᠳ ᠵᠠᠪᠰᠢᠭᠴᠢ ᠵᠢᠰᠤᠷᠳᠠᠨ ᠤ᠋ ᠲᠦᠯᠬᠢᠭᠰᠡᠨ ᠮᠥᠩᠭᠦᠨ ᠳ᠋ᠦ᠍ ᠪᠠᠭᠰᠢ ᠶ᠋ᠢᠨ ᠰᠤᠷᠭᠠᠭᠤᠯᠢ ᠶ᠋ᠢᠨ ᠬᠦᠰᠦᠨᠦᠭᠲᠦ ᠪᠡᠨ ᠠᠯᠳᠠᠭᠰᠠᠨ ᠢ᠋ᠶ᠋ᠠᠷ ᠦᠯᠦ ᠪᠠᠷᠠᠨ᠂ ᠠᠢᠮᠠᠭ ᠤ᠋ᠨ ᠢ᠋ᠶ᠋ᠠᠨ ᠭᠣᠣᠯᠳᠠᠭ᠎ᠠ ᠲᠠᠢ ᠥᠨᠳᠦᠷ ᠳᠤᠮᠳᠠᠳᠤ ᠳ᠋ᠤ᠌ ᠰᠢᠯᠭᠠᠭᠳᠠᠨ ᠣᠷᠤᠭᠰᠠᠨ ᠣᠷᠤ ᠪᠠᠨ ᠪᠤᠰᠤᠳ ᠲᠤ᠌ ᠮᠡᠬᠡᠯᠡᠭᠳᠡᠭᠰᠡᠨ ᠢ᠋ᠶ᠋ᠡᠨ ᠬᠣᠵᠢᠮᠳᠠᠵᠤ ᠮᠡᠳᠡᠷᠡᠭᠰᠡᠨ ᠬᠠᠷᠠᠮᠰᠠᠯ ᠳ᠋ᠤ᠌ ᠪᠠᠨ ᠥᠨᠳᠦᠷ ᠳᠤᠮᠳᠠᠳᠤ ᠶ᠋ᠢᠨ ᠰᠤᠷᠤᠯᠭ᠎ᠠ ᠪᠠᠨ ᠳᠣᠷᠭᠤᠨ ᠵᠣᠭᠰᠤᠭᠰᠠᠨ ᠰᠤᠷᠤᠯᠭ᠎ᠠ ᠶ᠋ᠢᠨ ᠨᠠᠮᠲᠠᠷ ᠲᠠᠢ᠃ ᠭᠡᠪᠡᠴᠦ ᠳᠡᠭᠡᠷ᠎ᠡ ᠵᠠᠭᠤᠨ ᠤ᠋1988 ᠣᠨ ᠠ᠋ᠴᠠ ᠡᠬᠢᠯᠡᠵᠦ ᠤᠷᠠᠨ ᠵᠣᠬᠢᠶᠠᠯ᠂ ᠢᠷᠠᠭᠤ ᠨᠠᠢᠷᠠᠭ ᠢ᠋ ᠨᠣᠣᠷᠠᠭᠯᠠᠨ ᠤᠷᠤᠯᠳᠤᠵᠤ ᠡᠳᠦᠭᠡ ᠪᠣᠯᠬᠤ ᠳ᠋ᠤ᠌ ᠤᠷᠢᠳ ᠬᠣᠵᠢᠳ︽ ᠰᠢᠯᠢ ᠶ᠋ᠢᠨ ᠭᠣᠣᠯ︾᠂︽ ᠬᠥᠯᠦᠨ ᠪᠤᠢᠷ︾᠂︽ ᠰᠢᠷ᠎ᠠ ᠮᠥᠷᠡᠨ︾᠂︽ ᠴᠡᠯᠡᠭᠡᠷ ᠲᠠᠯ᠎ᠠ︾᠂︽ ᠮᠠᠯ ᠠᠵᠤ ᠠᠬᠤᠢ︾᠂︽ ᠬᠤᠨ ᠭᠠᠯᠠᠭᠤ︾ ᠰᠡᠳᠭᠦᠯ᠂︽ ᠥᠪᠦᠷ ᠮᠣᠩᠭᠤᠯ ᠤ᠋ᠨ ᠡᠳᠦᠷ ᠦ᠋ᠨ ᠰᠣᠨᠢᠨ︾᠂︽ ᠰᠢᠯᠢ ᠶ᠋ᠢᠨ ᠭᠣᠣᠯ ᠤ᠋ᠨ ᠡᠳᠦᠷ ᠦ᠋ᠨ ᠰᠣᠨᠢᠨ︾ ᠳ᠋ᠦ᠍ ᠨᠡᠢᠲᠡᠯᠡᠭᠳᠡᠭᠰᠡᠨ ᠪᠦᠲᠦᠭᠡᠯ ᠵᠠᠭᠤ ᠭᠠᠷᠤᠢ ᠪᠠᠢᠵᠤ︽ ᠶᠡᠷᠡ ᠶᠢᠰᠦᠨ ᠲᠡᠭᠷᠢ ᠮᠢᠨᠢ︾᠂︽ ᠠᠪᠤ ᠮᠢᠨᠢ ᠠᠮᠢᠨ ᠲᠡᠭᠷᠢ︾᠂︽ ᠮᠠᠯᠴᠢᠨ ᠬᠥᠮᠦᠨ︾᠂︽ ᠲᠡᠭᠷᠢ ᠠᠭᠤᠵᠢᠮ ᠡᠬᠡ ᠣᠷᠤᠨ︾᠂︽ ᠠᠪᠢᠶ᠎ᠠ ᠪᠠᠷᠢᠮᠵᠢᠶ᠎ᠠ ᠨᠤᠲᠤᠭ ᠤᠰᠤᠨ︾ ᠵᠡᠷᠭᠡ ᠢᠷᠠᠭᠤ ᠨᠠᠢᠷᠠᠭ ᠢ᠋ᠶ᠋ᠠᠷ ᠢ᠋ᠶ᠋ᠠᠨ ᠠᠷᠠᠳ ᠲᠦᠮᠡᠨ ᠳ᠋ᠦ᠍ ᠲᠠᠨᠢᠭᠳᠠᠵᠤ᠂ ᠬᠥᠬᠢᠭᠦᠯᠦᠯ ᠱᠠᠩᠨᠠᠯ ᠢ᠋ ᠲᠤᠰᠤᠭᠰᠠᠨ ᠪᠥᠭᠡᠳ︽ ᠡᠷᠢᠶᠡᠨ ᠪᠤᠲᠠ︾ ᠨᠠᠢᠷᠠᠭᠤᠯᠤᠯ᠂︽ ᠡᠷᠲᠡ ᠴᠠᠢᠳᠠᠭ ᠥᠷ︾ ᠥᠭᠦᠯᠡᠯᠭᠡ ᠵᠡᠷᠭᠡ ᠶ᠋ᠢᠨ ᠦᠷᠭᠦᠯᠵᠢᠯᠡᠭᠰᠡᠨ ᠦᠭᠡ ᠶ᠋ᠢᠨ ᠵᠣᠬᠢᠶᠠᠯ ᠢ᠋ ᠠᠷᠪᠠᠭᠠᠳ ᠢ᠋ ᠨᠡᠢᠲᠡᠯᠡᠭᠦᠯᠦᠭᠰᠡᠨ᠂ ᠳᠠᠭᠤᠨ ᠤ᠋ ᠦᠭᠡ ᠶᠢ ᠴᠦ ᠣᠯᠠᠨ ᠪᠢᠴᠢᠵᠦ᠂ ᠡᠭᠦᠨ ᠳ᠋ᠦ᠍︽ ᠬᠠᠢᠷ᠎ᠠ ᠶ᠋ᠢᠨ ᠲᠠᠮᠠᠭ᠎ᠠ ᠲᠠᠢ ᠨᠠᠮᠤᠷ︾᠂︽ ᠨᠢᠭᠤᠴᠠᠬᠠᠨ ᠳᠤᠷᠠᠰᠤᠮᠵᠢ︾᠂︽ ᠨᠡᠭᠦᠳᠡᠯ ᠴᠠᠭᠠᠨ ᠡᠯᠡᠰᠦ︾᠂︽ ᠢᠨᠵᠠᠭᠠᠨ ᠤᠯᠠᠷᠢᠯ︾ ᠵᠡᠷᠭᠡ ᠠᠷᠪᠠᠭᠠᠳ ᠪᠦᠲᠦᠭᠡᠯ ᠳ᠋ᠦ᠍ ᠰᠢᠯᠤᠭᠤᠨ ᠬᠥᠬᠡ ᠬᠣᠰᠢᠭᠤᠨ ᠤ᠋ ᠵᠢᠭᠠᠰᠤᠲᠠᠢ ᠨᠠᠭᠤᠷ ᠰᠤᠮᠤᠨ ᠤ᠋ ᠪᠠᠶᠠᠨᠬᠠᠩᠭᠠᠢ ᠭᠠᠴᠠᠭᠠᠨ ᠤ᠋ ᠮᠠᠯᠵᠢᠨ ᠰᠠᠯᠵᠢᠭᠤᠳ ᠡᠷᠬᠢᠮᠪᠠᠶᠠᠷ ᠠᠶᠠᠯᠭᠤ ᠵᠣᠬᠢᠴᠠᠭᠤᠯᠤᠭᠰᠠᠨ᠂ ᠠᠯᠲᠠᠨ ᠪᠢᠷ ᠦ᠋ᠨ ᠦᠵᠦᠭ ᠢ᠋ᠶ᠋ᠡᠨ ᠤᠯᠠᠮ ᠪᠢᠯᠡᠭᠦᠳᠡᠵᠦ᠂ ᠴᠠᠬᠠᠷ ᠵᠠᠩ ᠦᠢᠯᠡ ᠶᠢ ᠥᠪᠡᠷᠲᠡᠭᠡᠨ ᠰᠤᠳᠤᠯᠤᠨ ᠰᠤᠷᠤᠯᠴᠠᠵᠤ ᠬᠥᠳᠡᠯᠮᠦᠷᠢᠯᠡᠵᠦ ᠪᠠᠢᠬᠤ ᠪᠥᠭᠡᠳ︽ ᠨᠠᠷᠠᠨ ᠲᠤᠤᠯᠢ︾᠂︽ ᠰᠠᠷᠠᠨ ᠲᠤᠤᠯᠢ︾᠂︽ ᠣᠳᠤᠨ ᠲᠤᠤᠯᠢ︾᠂︽ ᠠᠢᠯ ᠤ᠋ᠨ ᠠᠪᠤ ᠶ᠋ᠢᠨ ᠲᠣᠨᠭᠭᠣᠢ ᠬᠡᠦᠬᠡᠨ︾ ᠵᠡᠷᠭᠡ ᠨᠠᠢᠷᠠᠭᠯᠠᠯ ᠢ᠋ᠶ᠋ᠠᠨ ᠬᠡᠪᠯᠡᠯ ᠳ᠋ᠦ᠍ ᠪᠡᠯᠡᠳᠭᠡᠵᠦ ᠪᠠᠢᠬᠤ ᠪᠥᠭᠡᠳ2012 ᠣᠨ ᠳ᠋ᠤ᠌︽ ᠱᠠᠭ᠎ᠠ ᠶ᠋ᠢᠨ ᠴᠤᠪᠤᠭ᠎ᠠ︾ ᠢᠷᠠᠭᠤ ᠨᠠᠢᠷᠠᠭ ᠤ᠋ᠨ ᠲᠡᠭᠦᠪᠦᠷᠢ ᠪᠡᠨ ᠬᠡᠪᠯᠡᠭᠦᠯᠦᠭᠰᠡᠨ ᠶᠤᠮ᠃ ᠳᠡᠭᠡᠷ᠎ᠡ ᠵᠠᠭᠤᠨ ᠤ᠋1995ᠣᠨ ᠳ᠋ᠤ᠌ ᠰᠢᠯᠤᠭᠤᠨ ᠬᠥᠬᠡ ᠬᠣᠰᠢᠭᠤᠨ ᠤ᠋ ᠭᠠᠢᠯᠢ ᠶ᠋ᠢᠨ ᠲᠣᠪᠴᠢᠶᠠᠨ ᠳ᠋ᠤ᠌ ᠠᠵᠢᠯ ᠤ᠋ᠨ ᠭᠠᠷᠤᠭ᠎ᠠ ᠠᠪᠤᠭᠰᠠᠨ ᠠ᠋ᠴᠠ ᠣᠳᠣ ᠪᠣᠯᠲᠠᠯ᠎ᠠ ᠠᠵᠢᠯᠯᠠᠭᠰᠠᠭᠠᠷ ᠪᠠᠢᠨ᠎ᠠ᠃ ᠠᠵᠢᠯ ᠤ᠋ᠨ ᠳᠤᠮᠳᠠ ᠪᠠᠨ︽ ᠨᠢᠭᠲᠠᠯᠠᠨ ᠪᠣᠳᠤᠭᠴᠢ︾ ᠶ᠋ᠢᠨ ᠰᠤᠷᠭᠠᠭᠤᠯᠢ ᠶ᠋ᠢᠨ ᠲᠤᠰᠭᠠᠢ ᠮᠡᠷᠭᠡᠵᠢᠯ ᠦ᠋ᠨ ᠠᠩᠭᠢ ᠶᠢ ᠲᠡᠭᠦᠰᠦᠭᠰᠡᠨ ᠪᠥᠭᠡᠳ ᠰᠢᠯᠤᠭᠤᠨ ᠬᠥᠬᠡ ᠬᠣᠰᠢᠭᠤᠨ ᠤ᠋ ᠤᠳᠭ᠎ᠠ ᠤᠷᠠᠯᠢᠭ ᠤ᠋ᠨ ᠬᠢᠨ ᠦ᠌ ᠬᠣᠯᠪᠤᠭᠠᠨ ᠤ᠋ ᠭᠡᠰᠢᠭᠦᠨ᠂ ᠰᠢᠯᠢ ᠶ᠋ᠢᠨ ᠭᠣᠣᠯ ᠠᠢᠮᠠᠭ ᠤ᠋ᠨ ᠤᠳᠭ᠎ᠠ ᠤᠷᠠᠯᠢᠭ ᠤ᠋ᠨ ᠬᠢᠨ ᠦ᠌ ᠬᠣᠯᠪᠤᠭᠠᠨ ᠤ᠋ ᠭᠡᠰᠢᠭᠦᠨ᠂ ᠰᠢᠯᠢ ᠶ᠋ᠢᠨ ᠭᠣᠣᠯ ᠠᠢᠮᠠᠭ ᠤ᠋ᠨ ᠭᠡᠷᠡᠯ ᠵᠢᠷᠤᠭ ᠤ᠋ᠨ ᠬᠣᠯᠪᠤᠭᠠᠨ ᠤ᠋ ᠭᠡᠰᠢᠭᠦᠨ᠂ ᠰᠢᠯᠢ ᠶ᠋ᠢᠨ ᠭᠣᠣᠯ ᠠᠢᠮᠠᠭ ᠤ᠋ᠨ ᠠᠷᠠᠳ ᠤ᠋ᠨ ᠤᠷᠠᠯᠢᠭᠴᠢᠳ ᠤ᠋ᠨ ᠨᠡᠢᠭᠡᠮᠯᠢᠭ ᠦ᠋ᠨ ᠭᠡᠰᠢᠭᠦᠨ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠰᠤᠷᠪᠤᠯᠵᠢᠯᠠᠭᠴᠢ ᠵᠡᠷᠭᠡ ᠨᠡᠢᠭᠡᠮ ᠦ᠋ᠨ ᠡᠭᠦᠷᠭᠡ ᠬᠠᠷᠢᠭᠤᠴᠠᠯᠭ᠎ᠠ ᠲᠠᠢ ᠶᠠᠪᠤᠭ᠎ᠠ ᠶᠤᠮ᠃