ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠱᠣᠣᠰᠢᠩᠭ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠱᠣᠣᠰᠢᠩᠭ᠎ᠠ ︵ 1933—— ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦᠨ ᠪᠠᠢᠯᠳᠤᠭᠠᠨ ᠤ ᠪᠠᠭᠠᠲᠤᠷ᠃ ᠥᠪᠦᠷ ᠮᠣᠩᠭᠤᠯ ᠤ᠋ᠨ ᠬᠢᠩᠭᠠᠨ ᠠᠢᠮᠠᠭ ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠳᠤ ᠨᠤᠲᠤᠭ ᠲᠠᠢ᠂ ᠮᠣᠩᠭᠤᠯ ᠦᠨᠳᠦᠰᠦᠲᠡᠨ᠂ 1946 ᠣᠨ ᠳᠤ ᠴᠡᠷᠢᠭ ᠲᠦ ᠣᠷᠤᠵᠤ᠂ 1947 ᠣᠨ ᠳᠤ ᠥᠪᠦᠷ ᠮᠣᠩᠭᠤᠯ ᠤ᠋ᠨ ᠠᠷᠠᠳ ᠤᠨ ᠬᠤᠪᠢᠰᠭᠠᠯᠲᠤ ᠵᠠᠯᠠᠭᠤᠴᠤᠳ ᠤᠨ ᠡᠪᠯᠡᠯ ᠳᠦ ᠣᠷᠤᠵᠤ᠂ 1949 ᠣᠨ ᠤ 6 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ ᠴᠢᠯᠥᠭᠡᠯᠡᠬᠦ ᠲᠡᠢᠨ ᠦ ᠦᠶ᠎ᠡ ᠳᠦ ᠲᠡᠷᠡ ᠠᠷᠪᠠᠨ ᠲᠠᠪᠤᠬᠠᠨ ᠨᠠᠰᠤᠲᠠᠢ ᠪᠠᠢᠬᠤ ᠳᠠᠭᠠᠨ ᠴᠡᠷᠢᠭ ᠠᠩᠭᠢ ᠶᠢ ᠳᠠᠭᠠᠵᠤ ᠬᠢᠩᠭᠠᠨ ᠤ ᠳᠤᠮᠳᠠᠳᠤ ᠬᠡᠰᠡᠭ ᠭᠠᠵᠠᠷ ᠣᠷᠤᠨ ᠤ᠋ ᠳᠡᠭᠡᠷᠡᠮ ᠢ ᠤᠰᠠᠳᠭᠠᠬᠤ ᠲᠤᠯᠤᠯᠳᠤᠭᠠᠨ ᠳᠤ ᠣᠷᠤᠯᠴᠠᠵᠤ᠂ ᠭᠠᠵᠠᠷ ᠰᠢᠷᠤᠢ ᠶ᠋ᠢᠨ ᠬᠤᠪᠢᠰᠭᠠᠯ ᠢ ᠬᠠᠮᠠᠭᠠᠯᠠᠬᠤ᠂ 1947 ᠣᠨ ᠤ 5 ᠰᠠᠷ᠎ᠠ ᠶᠢᠨ 1 ᠤ ᠡᠳᠦᠷ︽5•1︾ ᠶᠡᠬᠡ ᠬᠤᠷᠠᠯ ᠢ ᠬᠠᠮᠠᠭᠠᠯᠠᠬᠤ ᠡᠭᠦᠷᠭᠡ ᠶᠢ ᠭᠦᠢᠴᠡᠳᠭᠡᠭᠰᠡᠨ ᠪᠠᠢᠵᠠᠢ᠃ 1948 ᠣᠨ ᠳᠤ ᠲᠡᠷᠡ ᠯᠢᠶᠣᠣ ᠱᠧᠨ ᠦ ᠳᠠᠢᠯᠠᠯᠳᠤᠭᠠᠨ ᠤ ᠾᠧᠶ ᠱᠠᠨ ᠤ ᠬᠣᠷᠢᠭᠯᠠᠨ ᠴᠣᠬᠢᠬᠤ ᠲᠤᠯᠤᠯᠳᠤᠭᠠᠨ ᠳᠤ ᠣᠷᠤᠯᠴᠠᠪᠠ᠃ ᠲᠤᠰ ᠵᠢᠯ ᠦᠨ 12 ᠰᠠᠷ᠎ᠠ ᠳᠤ ᠲᠡᠭᠦᠨ ᠦ ᠪᠠᠢᠭᠰᠠᠨ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠰᠢᠯᠢ ᠶᠢᠨ ᠭᠣᠣᠯ ᠤᠨ ᠲᠠᠯ᠎ᠠ ᠨᠤᠲᠤᠭ ᠲᠤ ᠣᠷᠤᠵᠤ ᠳᠡᠭᠡᠷᠡᠮ ᠢ ᠤᠰᠠᠳᠭᠠᠬᠤ ᠲᠤᠯᠤᠯᠳᠤᠭᠠᠨ ᠤ ᠡᠭᠦᠷᠭᠡ ᠶᠢ ᠭᠦᠢᠴᠡᠳᠭᠡᠵᠡᠢ᠃ 1949 ᠣᠨ ᠤ 5 ᠰᠠᠷ᠎ᠠ ᠶᠢᠨ 29 ᠤ ᠡᠳᠦᠷ ᠲᠡᠭᠦᠨ ᠦ ᠪᠠᠢᠭᠰᠠᠨ ᠰᠤᠮᠤᠨ ᠠᠩᠭᠢ ᠶᠢᠨ ᠨᠢᠭᠡᠨ ᠴᠢᠩᠭᠠᠳᠭᠠᠭᠰᠠᠨ ᠰᠠᠯᠠᠭᠠᠨ ᠤ ᠴᠡᠷᠢᠭ ᠨᠢ ᠯᠠᠮᠠ ᠶᠢᠨ ᠬᠦᠷᠢᠶ᠎ᠡ ᠡᠴᠡ ᠮᠣᠷᠳᠠᠵᠤ᠂ ᠵᠡᠭᠦᠨ ᠦᠵᠦᠮᠦᠴᠢᠨ ᠬᠣᠰᠢᠭᠤᠨ ᠤ ᠳᠤᠮᠳᠠᠳᠤ ᠮᠣᠩᠭᠤᠯ ᠤ᠋ᠨ ᠬᠢᠯᠢ ᠶᠢᠨ ᠳᠤᠮᠳᠠᠳᠤ ᠤᠯᠤᠰ ᠤᠨ ᠲᠠᠯ᠎ᠠ ᠳᠤ ᠭᠣᠮᠢᠨᠳᠠᠩ ᠤᠨ ᠴᠡᠷᠢᠭ ᠦᠨ ᠬᠢᠵᠠᠭᠠᠷ ᠮᠣᠩᠭᠤᠯ ᠤ᠋ᠨ ᠮᠣᠷᠢᠲᠤ ᠴᠡᠷᠢᠭ ᠦᠨ ᠴᠤᠪᠤᠭ᠎ᠠ ᠠᠩᠭᠢ ᠶᠢᠨ ᠳᠡᠳ᠋ ᠰᠧᠯᠢᠩ ᠬᠣᠲᠣᠷᠢᠩᠭ᠎ᠠ ᠪᠣᠯᠤᠨ ᠲᠡᠭᠦᠨ ᠦ 4  ᠳᠦᠭᠡᠷ ᠰᠠᠯᠪᠤᠷᠢ ᠠᠩᠭᠢ ᠶᠢ ᠨᠡᠬᠡᠮᠵᠢᠯᠡᠨ ᠴᠣᠬᠢᠵᠠᠢ᠃ ᠡᠨᠡ ᠬᠦ ᠤᠳᠠᠭᠠᠨ ᠤ ᠲᠤᠯᠤᠯᠳᠤᠭᠠᠨ ᠳᠤᠮᠳᠠ᠂ ᠱᠣᠣᠰᠢᠩᠭ᠎ᠠ ᠳᠠᠢᠰᠤᠨ ᠤ ᠵᠢᠭᠰᠠᠭᠠᠯ ᠳᠤ ᠳᠠᠭᠠᠷᠢᠨ ᠣᠷᠤᠵᠤ᠂ ᠡᠷᠡᠯᠬᠡᠭ ᠪᠠᠭᠠᠲᠤᠷᠯᠢᠭ ᠢᠶᠠᠷ ᠲᠤᠯᠤᠯᠳᠤᠭᠰᠠᠨ ᠶᠤᠮ᠃ ᠪᠠᠢᠯᠳᠤᠭᠠᠨ ᠤ ᠳᠠᠷᠠᠭ᠎ᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠦᠷ ᠮᠣᠩᠭᠤᠯ ᠤ᠋ᠨ ᠮᠣᠷᠢᠲᠤ ᠴᠡᠷᠢᠭ ᠦᠨ ᠨᠢᠭᠡᠳᠦᠭᠡᠷ ᠳ᠋ᠢᠸᠢᠽᠢ ᠶᠢᠨ ᠬᠣᠷᠢᠶ᠎ᠠ ᠠᠴᠠ ᠲᠡᠭᠦᠨ ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠵᠦ ᠬᠣᠶᠠᠳᠤᠭᠠᠷ ᠲᠠᠰ ᠤᠨ ᠪᠠᠢᠯᠳᠤᠭᠠᠨ ᠤ ᠭᠠᠪᠢᠶ᠎ᠠ ᠲᠡᠮᠳᠡᠭᠯᠡᠨ ᠥᠭᠴᠦ᠂ ᠪᠠᠢᠯᠳᠤᠭᠠᠨ ᠤ ᠪᠠᠭᠠᠲᠤᠷ ᠤᠨ ᠴᠣᠯᠠ ᠣᠯᠭᠤᠭᠰᠠᠨ ᠶᠤᠮ᠃