ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠱᠧᠨ ᠵᠦᠩ ᠶᠤᠸᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠱᠧᠨ ᠵᠦᠩ ᠶᠤᠸᠠᠨ ︵ 1916—— 1948︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦᠨ ᠪᠠᠢᠯᠳᠤᠭᠠᠨ ᠤ ᠪᠠᠭᠠᠲᠤᠷ᠃ ᠥᠪᠦᠷ ᠮᠣᠩᠭᠤᠯ ᠤ᠋ᠨ ᠬᠠᠷᠠᠴᠢᠨ ᠵᠡᠭᠦᠨ ᠬᠣᠰᠢᠭᠤᠨ ᠳᠤ ᠨᠤᠲᠤᠭ ᠲᠠᠢ᠃ ᠮᠣᠩᠭᠤᠯ ᠦᠨᠳᠦᠰᠦᠲᠡᠨ᠃ 1946 ᠣᠨ ᠤ 4 ᠰᠠᠷ᠎ᠠ ᠳᠤ ᠴᠡᠷᠢᠭ ᠲᠦ᠍ ᠣᠷᠤᠵᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ 1947 ᠣᠨ ᠤ 7 ᠰᠠᠷ᠎ᠠ ᠶᠢᠨ l ᠤ ᠡᠳᠦᠷ ᠭᠣᠮᠢᠨᠳᠠᠩ ᠤᠨ ᠮᠣᠷᠢᠲᠤ ᠴᠡᠷᠢᠭ ᠦᠨ l  ᠳᠦᠭᠡᠷ ᠳ᠋ᠢᠸᠢᠽᠢ ᠶᠢᠨ ᠸᠠᠩ ᠬᠤᠸᠠ ᠰᠢᠩ ᠦᠨ ᠴᠡᠷᠢᠭ᠂ ᠹᠡ ᠬᠦ ᠶᠢᠨ ᠬᠣᠢᠲᠤ ᠱᠢ ᠭᠠᠩᠽᠢ᠂ ᠹᠠᠩ ᠵᠢᠶᠠ ᠲᠦᠨ ᠦ᠌ ᠬᠠᠪᠢ ᠪᠠᠷ ᠰᠧᠫᠢᠩ ᠦᠨ ᠳᠠᠢᠰᠤᠨ ᠢ ᠲᠤᠰᠠᠯᠠᠬᠤ ᠪᠠᠷ ᠪᠡᠯᠡᠳᠭᠡᠵᠦ ᠪᠠᠢᠪᠠ᠃ ᠱᠧᠨ ᠵᠦᠩ ᠶᠤᠸᠠᠨ ᠤ ᠪᠠᠢᠭᠰᠠᠨ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠶᠢᠨ 3 ᠳ᠋ᠤᠭᠠᠷ ᠬᠣᠷᠢᠶ᠎ᠠ ᠨᠢ ᠳᠡᠭᠡᠳᠦ ᠱᠠᠲᠤᠨ ᠤ ᠵᠠᠷᠯᠢᠭ ᠢᠶᠠᠷ ᠠᠬ᠎ᠠ ᠳᠡᠭᠦᠦ ᠴᠡᠷᠢᠭ ᠠᠩᠭᠢ ᠯᠤᠭ᠎ᠠ ᠬᠠᠮᠵᠢᠯᠴᠠᠨ ᠲᠤᠰ ᠪᠦᠯᠦᠭ ᠳᠠᠢᠰᠤᠨ ᠤ ᠥᠭᠡᠳᠡ ᠡᠴᠡ ᠲᠠᠭᠠᠷᠢᠯᠲᠠ ᠶᠠᠪᠤᠭᠤᠯᠪᠠ᠃ ᠱᠧᠨ ᠵᠦᠩ ᠶᠤᠸᠠᠨ ᠪᠥᠬᠦ ᠰᠤᠮᠤᠨ ᠠᠩᠭᠢ ᠪᠠᠨ ᠳᠠᠭᠠᠭᠤᠯᠵᠤ ᠠᠭᠲᠠ ᠬᠦᠯᠦᠭ ᠵᠢᠭ ᠳᠠᠪᠬᠢᠭᠤᠯᠤᠨ ᠠᠲᠠᠭᠠᠲᠠᠨ ᠳᠠᠢᠰᠤᠨ ᠤ ᠥᠭᠡᠳᠡ ᠳᠠᠭᠠᠷᠢᠨ ᠳᠣᠪᠲᠤᠯᠤᠭᠰᠠᠨ ᠳ᠋ᠤ᠌ ᠳᠠᠢᠰᠤᠨ ᠡᠲᠡᠭᠡᠳ ᠳᠤᠬᠤ ᠦᠵᠡᠭᠦᠯᠦᠨ ᠳᠤᠲᠠᠭᠠᠪᠠ᠃ 11 ᠰᠠᠷ᠎ᠠ ᠳᠤ ᠭᠣᠮᠢᠨᠳᠠᠩ ᠤᠨ ᠰᠢᠨ᠎ᠡ 6 ᠳ᠋ᠤᠭᠠᠷ ᠠᠷᠮᠢ ᠶᠢᠨ 22 ᠳ᠋ᠤᠭᠠᠷ ᠳ᠋ᠢᠸᠢᠽᠢ ᠶᠢᠨ ᠭᠠᠪᠰᠢᠭᠠᠢ ᠶᠡᠬᠡ ᠠᠩᠭᠢ ᠶᠢᠨ 600 ᠭᠠᠷᠤᠶ ᠴᠡᠷᠢᠭ ᠲᠦᠩ ᠵᠢᠶᠠᠩ ᠺᠧᠦ ᠳᠦ ᠲᠦᠷᠢᠨ ᠣᠷᠤᠪᠠ᠃ ᠲᠦᠩ ᠵᠢᠶᠠᠩ ᠺᠧᠦ ᠪᠣᠯ ᠯᠢᠶᠣᠣ ᠰᠢ ᠶᠢᠨ ᠲᠡᠭᠰᠢ ᠲᠠᠯ᠎ᠠ ᠳᠤ ᠪᠠᠢᠷᠢᠰᠢᠵᠤ ᠲᠡᠮᠦᠷ ᠵᠠᠮ᠂ ᠤᠰᠤᠨ ᠵᠠᠮ ᠤᠨ ᠵᠠᠮ ᠬᠠᠷᠢᠯᠴᠠᠭ᠎ᠠ ᠶᠢᠨ ᠬᠦᠢᠰᠦ ᠪᠣᠯᠬᠤ ᠶᠤᠮ᠃ 27 ᠤ ᠡᠳᠦᠷ᠂ ᠱᠧᠨ ᠵᠦᠩ ᠶᠤᠸᠠᠨ ᠳᠡᠭᠡᠳᠦ ᠱᠠᠲᠤᠨ ᠤ ᠵᠠᠷᠯᠢᠭ ᠢᠶᠠᠷ l  ᠳᠦᠭᠡᠷ ᠰᠤᠮᠤᠨ ᠠᠩᠭᠢ ᠶᠢ ᠳᠠᠭᠠᠭᠤᠯᠤᠨ ᠠᠬ᠎ᠠ ᠳᠡᠭᠦᠦ ᠴᠡᠷᠢᠭ ᠠᠩᠭᠢ ᠯᠤᠭ᠎ᠠ ᠬᠠᠮᠵᠢᠯᠴᠠᠨ ᠲᠤᠰ ᠪᠦᠯᠦᠭ ᠳᠠᠢᠰᠤᠨ ᠢ ᠤᠰᠠᠳᠭᠠᠬᠤ ᠪᠠᠷ ᠮᠣᠷᠳᠠᠪᠠ᠃ 29 ᠤ ᠡᠳᠦᠷ ᠲᠦᠩ ᠵᠢᠶᠠᠩ ᠺᠧᠦ ᠶᠢᠨ ᠲᠤᠯᠤᠯᠳᠤᠭᠠᠨ ᠡᠬᠢᠯᠡᠭᠰᠡᠨ ᠳᠦ ᠠᠬ᠎ᠠ ᠳᠡᠭᠦᠦ ᠴᠡᠷᠢᠭ ᠠᠩᠭᠢ ᠨᠢᠭᠡ ᠯᠡ ᠠᠮᠢᠰᠭᠤᠭ᠎ᠠ ᠪᠠᠷ ᠬᠣᠲᠠ ᠶᠢᠨ ᠲᠣᠭᠤᠷᠢᠭ ᠲᠤ᠌ ᠴᠥᠮᠦᠷᠡᠨ ᠣᠷᠤᠭᠰᠠᠨ ᠳ᠋ᠤ᠌ ᠳᠠᠢᠰᠤᠨ ᠨᠤᠭᠤᠳ ᠬᠤᠶᠠᠭ ᠳᠤᠭᠤᠯᠠᠭ᠎ᠠ ᠪᠠᠨ ᠬᠠᠶᠠᠵᠤ ᠰᠡᠩᠳᠡ ᠮᠡᠩᠳᠡ ᠪᠤᠷᠤᠭᠤᠯᠠᠨ ᠳᠤᠲᠠᠭᠠᠪᠠ᠃ ᠲᠡᠷᠡ ᠪᠥᠬᠦ ᠰᠤᠮᠤᠨ ᠠᠩᠭᠢ ᠪᠠᠨ ᠵᠢᠯᠤᠭᠤᠳᠤᠨ ᠶᠡᠬᠡ ᠯᠢᠶᠣᠣ ᠾᠧ ᠭᠣᠣᠯ ᠢ ᠭᠠᠲᠤᠯᠵᠤ ᠲᠦᠩ ᠵᠢᠶᠠᠩ ᠺᠧᠦ ᠶᠢᠨ ᠵᠡᠭᠦᠨ ᠡᠮᠦᠨ᠎ᠡ ᠪᠠᠢᠭ᠎ᠠ ᠲᠣᠷᠤᠭᠤ ᠶ᠋ᠢᠨ ᠠᠭᠤᠢ ᠳᠤ ᠲᠣᠭᠤᠷᠢᠨ ᠬᠦᠷᠴᠦ᠂ ᠺᠣᠣ ᠱᠠᠨ ᠲᠦᠨ ᠢ᠋ᠶ᠋ᠡᠷ ᠳᠠᠮᠵᠢᠨ ᠴᠠᠭᠠᠨ ᠯᠢᠩᠬᠤ᠎ᠠ ᠶᠢᠨ ᠨᠠᠭᠤᠷ ᠲᠤ ᠲᠦᠷᠭᠡᠨ ᠢᠶᠡᠷ ᠲᠦᠷᠢᠨ ᠣᠷᠤᠵᠤ ᠲᠦᠩ ᠵᠢᠶᠠᠩ ᠺᠧᠦ ᠡᠴᠡ ᠳᠤᠲᠠᠭᠠᠭᠰᠠᠨ ᠳᠠᠢᠰᠤᠨ ᠢ ᠲᠤᠰᠤᠨ ᠴᠣᠬᠢᠪᠠ᠃ ᠲᠡᠷᠡ ᠡᠷᠡᠭᠡᠯᠵᠡᠯᠭᠡ ᠦᠭᠡᠢ ᠡᠷᠡᠰ ᠲᠠᠰᠤ ᠪᠠᠷ ᠲᠤᠯᠤᠯᠳᠤᠭᠠᠨ ᠤ ᠲᠣᠬᠢᠶᠠᠯ ᠢ ᠠᠮᠵᠢᠨ ᠠᠭᠲᠠ ᠬᠦᠯᠦᠭ ᠢᠶᠡᠷ ᠠᠲᠠᠭᠠᠲᠠᠨ ᠳᠠᠢᠰᠤᠨ ᠢ ᠳᠠᠭᠠᠷᠢᠵᠤ᠂ ᠴᠠᠬᠢᠯᠭᠠᠨ ᠴᠠᠬᠢᠯᠠᠬᠤ ᠱᠢ ᠲᠦᠷᠭᠡᠨ ᠢᠶᠡᠷ ᠳᠠᠢᠰᠤᠨ ᠢ ᠳᠠᠭᠠᠷᠢᠨ ᠴᠣᠬᠢᠭᠠᠳ ᠲᠦᠩ ᠵᠢᠶᠠᠩ ᠺᠧᠦ ᠶᠢ ᠴᠢᠯᠦᠭᠡᠯᠡᠪᠡ᠃ ᠡᠨᠡ ᠤᠳᠠᠭᠠᠨ ᠤ ᠲᠤᠯᠤᠯᠳᠤᠭᠠᠨ ᠤ ᠳᠤᠮᠳᠠ ᠱᠧᠨ ᠵᠦᠩ ᠶᠤᠸᠠᠨ ᠳᠠᠢᠰᠤᠨ ᠤ ᠵᠢᠭᠰᠠᠭᠠᠯ ᠳᠤ ᠳᠠᠭᠠᠷᠢᠨ ᠣᠷᠤᠵᠤ᠂ ᠡᠷᠡᠯᠬᠡᠭ ᠪᠠᠭᠠᠲᠤᠷᠯᠢᠭ ᠢᠶᠠᠷ ᠥᠰᠢᠶᠡᠲᠡᠨ ᠢ᠋ ᠠᠯᠠᠵᠤ᠂ ᠪᠠᠭᠠᠲᠤᠷᠯᠢᠭ ᠢᠶᠠᠷ ᠠᠮᠢ ᠦᠷᠡᠭᠳᠡᠵᠡᠢ᠃ ᠲᠡᠭᠦᠨ ᠢ ᠳᠤᠷᠠᠰᠭᠠᠨ ᠲᠡᠮᠳᠡᠭᠯᠡᠬᠦ ᠶᠢᠨ ᠲᠥᠯᠦᠭᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠦᠷ ᠮᠣᠩᠭᠤᠯ ᠤ᠋ᠨ ᠮᠣᠷᠢᠲᠤ ᠴᠡᠷᠢᠭ ᠦ᠋ᠨ l  ᠳᠦᠭᠡᠷ ᠳ᠋ᠢᠸᠢᠽᠢ ᠶᠢᠨ ᠬᠣᠷᠢᠶ᠎ᠠ ᠠᠴᠠ ᠲᠣᠭᠲᠠᠭᠠᠯ ᠭᠠᠷᠭᠠᠵᠤ ᠲᠤᠰ ᠳ᠋ᠢᠸᠢᠽᠢ 3 ᠳ᠋ᠤᠭᠠᠷ ᠬᠣᠷᠢᠶᠠᠨ ᠤ᠋ l  ᠳᠦᠭᠡᠷ ᠰᠤᠮᠤᠨ ᠠᠩᠭᠢ ᠳᠤ 《ᠵᠦᠩ ᠶᠤᠸᠠᠨ ᠤ ᠯᠢᠶᠠᠨ》ᠬᠡᠮᠡᠬᠦ ᠴᠣᠯᠠ ᠪᠠᠷ ᠴᠣᠯᠠᠯᠠᠵᠠᠢ᠃ 1948 ᠣᠨ ᠳᠤ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠶᠢᠨ ᠠᠩᠬᠠᠳᠤᠭᠠᠷ ᠤᠳᠠᠭᠠᠨ ᠤ ᠭᠠᠪᠢᠶ᠎ᠠ ᠲᠡᠮᠳᠡᠭᠯᠡᠬᠦ ᠶᠡᠬᠡ ᠬᠤᠷᠠᠯ ᠳᠡᠭᠡᠷ᠎ᠡ 《ᠵᠦᠩ ᠶᠤᠸᠠᠨ ᠯᠢᠶᠠᠨ》 ᠳᠤ ᠬᠠᠮᠲᠤ ᠨᠡᠢᠲᠡ ᠶᠢᠨ ᠪᠠᠢᠯᠳᠤᠭᠠᠨ ᠤ ᠶᠡᠬᠡ ᠭᠠᠪᠢᠶ᠎ᠠ ᠲᠡᠮᠳᠡᠭᠯᠡᠨ ᠥᠭᠴᠦ ᠱᠧᠨ ᠵᠦᠩ ᠶᠤᠸᠠᠨ ᠳᠤ ᠬᠣᠶᠠᠷ ᠶᠡᠬᠡ ᠪᠠᠢᠯᠳᠤᠭᠠᠨ ᠤ ᠭᠠᠪᠢᠶ᠎ᠠ ᠲᠡᠮᠳᠡᠭᠯᠡᠨ ᠥᠭᠴᠦ 《ᠪᠠᠢᠯᠳᠤᠭᠠᠨ ᠤ ᠪᠠᠭᠠᠲᠤᠷ》ᠬᠡᠮᠡᠬᠦ ᠴᠣᠯᠠ ᠣᠯᠭᠤᠵᠠᠢ᠃