ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠣᠳᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠣᠳᠤ ︵? —— 1285 ︶ ᠶᠤᠸᠠᠨ ᠤᠯᠤᠰ ᠤᠨ ᠠᠯᠳᠠᠷᠲᠤ ᠵᠠᠩᠵᠤᠨ᠂ ᠵᠠᠯᠠᠢᠷ ᠣᠪᠤᠭᠲᠠᠨ᠃ ᠠᠩᠬᠠᠨ ᠳᠠᠭᠠᠨ ᠬᠤᠪᠢᠯᠠᠢ ᠶᠢᠨ ᠬᠡᠪᠲᠡᠭᠦᠯ ᠪᠠᠢᠵᠤ ᠲᠡᠭᠦᠨ ᠢ ᠳᠠᠭᠠᠵᠤ ᠶᠦᠨᠨᠠᠨ ᠳ᠋ᠠᠯᠢ ᠶᠢ ᠳᠠᠢᠯᠠᠵᠠᠢ᠃ ᠬᠣᠵᠢᠮ ᠨᠢ ᠲᠥᠷᠦᠯ ᠦᠨ ᠸᠠᠩ ᠬᠠᠪᠢᠴᠢ ᠶᠢ ᠳᠠᠭᠠᠵᠤ ᠯᠢ ᠲᠠᠨ ᠤ ᠤᠷᠪᠠᠯᠭᠠᠨ ᠢ ᠳᠠᠷᠤᠵᠠᠢ᠃ ᠲᠡᠭᠡᠭᠡᠳ ᠮᠢᠩᠭᠠᠲᠤ ᠶᠢᠨ ᠨᠣᠶᠠᠨ ᠪᠣᠯᠵᠤ ᠴᠠᠢ ᠵᠧᠦ ᠶᠢ ᠰᠠᠬᠢᠨ ᠰᠠᠭᠤᠪᠠ᠃ ᡁᠢ ᠶᠤᠸᠠᠨ ᠤ ᠲᠠᠪᠤᠳᠤᠭᠠᠷ ᠣᠨ ︵ 1268︶ ᠳᠤ ᠮᠣᠩᠭᠤᠯ ᠴᠡᠷᠢᠭ ᠰᠢᠶᠠᠩᠶᠠᠩ ᠢ ᠪᠦᠰᠡᠯᠡᠨ ᠴᠣᠬᠢᠭᠰᠠᠨ ᠳᠤ ᠠᠵᠤ᠂ ᠰᠣᠳᠤ ᠪᠠᠷ ᠴᠡᠷᠢᠭ ᠳᠠᠢᠴᠢᠯᠠᠭᠤᠯᠤᠨ ᠴᠠᠭᠳᠠᠭᠤᠯ ᠪᠣᠯᠭᠠᠵᠤ᠂ ᠰᠦᠩ ᠤᠯᠤᠰ ᠤ᠋ᠨ ᠤ᠋ ᠭᠠᠩ ᠲᠠᠢ ᠴᠠᠢᠵᠠ᠂ ᠴᠢᠩ ᠵᠢᠶᠠᠨ ᠴᠠᠢᠵᠠ ᠵᠡᠷᠭᠡ ᠣᠯᠠᠨ ᠬᠠᠪᠴᠢᠯ ᠬᠣᠷᠤᠭ᠎ᠠ ᠶ᠋ᠢ ᠪᠤᠯᠢᠶᠠᠯᠭᠠᠵᠠᠢ᠃ ᠢᠷᠡᠬᠦ ᠵᠢᠯ ᠳᠦᠨᠢ ᠰᠣᠳᠤ᠂ ᠱᠢ ᠲᠢᠶᠠᠨ ᠼᠧ ᠶ᠋ᠢᠨ ᠵᠠᠷᠯᠢᠭ ᠢᠶᠠᠷ ᠲᠣᠷᠤᠭᠤ ᠶ᠋ᠢᠨ ᠬᠣᠰᠢᠭᠤ ᠳᠤ ᠰᠦᠩ ᠤᠯᠤᠰ ᠤᠨ ᠵᠠᠩᠵᠤᠨ ᠹᠠᠨ ᠸᠧᠨ ᠬᠤ᠌ ᠶᠢᠨ ᠴᠡᠷᠢᠭ ᠢ ᠳᠠᠢᠯᠠᠨ ᠳᠠᠷᠤᠪᠠ᠃ ᠶᠢᠰᠦᠳᠦᠭᠡᠷ ᠣᠨ ︵ 1272︶ ᠳᠤ ᠹᠠᠨᠴᠧᠩ ᠢ ᠪᠠᠢᠯᠳᠤᠵᠤ ᠬᠣᠲᠠᠨ ᠳᠤᠷ ᠤᠷᠢᠳ ᠢᠶᠠᠷ ᠠᠪᠠᠷᠢᠵᠤ ᠭᠠᠪᠢᠶ᠎ᠠ ᠪᠠᠢᠭᠤᠯᠤᠭᠰᠠᠨ ᠪᠣᠯᠬᠣᠷ ᠶᠢᠩ᠂ ᠹᠦ ᠵᠡᠷᠭᠡ ᠭᠠᠵᠠᠷ ᠤᠨ ᠢᠯᠪᠢᠨ ᠳᠠᠭᠠᠭᠤᠯᠤᠭᠴᠢ ᠲᠦᠰᠢᠮᠡᠯ ᠪᠣᠯᠤᠨ ᠳᠠᠪᠰᠢᠪᠠ᠃ ᠠᠷᠪᠠᠨ ᠨᠢᠭᠡᠳᠦᠭᠡᠷ ᠣᠨ ︵ 1274︶ ᠳᠤ ᠶᠢᠩᠵᠧᠦ ᠶᠢᠨ ᠭᠣᠣ ᠭᠠᠩ ᠭᠠᠷᠠᠮ ᠢ ᠰᠠᠬᠢᠨ ᠰᠠᠭᠤᠵᠠᠢ᠃ ᠢᠷᠡᠬᠦ ᠵᠢᠯ ᠳᠦᠨᠢ ᠵᠢᠶᠠᠨ ᠺᠠᠩ ᠪᠠᠭᠤᠵᠤ ᠥᠭᠭᠦᠭᠰᠡᠨ ᠳ᠋ᠦ᠍ ᠬᠣᠲᠠᠨ ᠳᠤᠷ ᠣᠷᠤᠵᠤ ᠵᠢᠶᠠᠨ ᠺᠠᠩ ᠤᠨ ᠠᠮᠤᠷᠵᠢᠭᠤᠯᠤᠨ ᠲᠣᠬᠤᠨᠢᠭᠤᠯᠬᠤ ᠲᠦᠰᠢᠮᠡᠯ ᠪᠣᠯᠵᠤ ᠫᠠᠩ ᠵᠢᠶᠠᠩ᠂ ᠵᠢᠶᠠ ᠱᠢ ᠵᠡᠷᠭᠡ ᠭᠠᠵᠠᠷ ᠢ ᠳᠠᠭᠠᠷᠢᠨ ᠡᠵᠡᠯᠡᠵᠡᠢ᠃ ᠠᠷᠪᠠᠨ ᠳᠥᠷᠪᠡᠳᠦᠭᠡᠷ ᠣᠨ ︵ 1277︶ ᠳᠤ ᠹᠦᠵᠢᠶᠠᠨ ᠴᠦᠯᠬᠡ ᠶ᠋ᠢᠨ ᠳᠡᠯᠭᠡᠷᠡᠩᠭᠦᠢ ᠲᠣᠬᠤᠨᠢᠭᠤᠯᠬᠤ ᠲᠦᠰᠢᠮᠡᠯ ᠪᠣᠯᠤᠨ ᠳᠠᠪᠰᠢᠵᠤ ᠡᠮᠦᠨ᠎ᠡ ᠶᠤᠸᠠᠨᠱᠤᠸᠠᠢ ᠶᠢᠨ ᠣᠷᠳᠤᠨ ᠤ᠋ ᠬᠡᠷᠡᠭ ᠢ ᠡᠷᠬᠢᠯᠡᠨ ᠲᠠᠴᠤ ᠶᠢᠨ ᠵᠠᠬᠢᠷᠤᠯ ᠢ ᠬᠦᠯᠢᠶᠡᠵᠡᠢ᠃ ᠲᠠᠴᠤ᠂ ᠰᠣᠳᠤ ᠶ᠋ᠢ ᠵᠠᠷᠯᠢᠭᠳᠠᠵᠤ ᠴᠢᠤᠸᠠᠨ ᠵᠧᠦ ᠪᠡᠷ ᠵᠠᠮᠨᠠᠨ ᠭᠤᠸᠠᠩᠵᠧᠦ ᠶ᠋ᠢᠨ ᠹᠦ ᠴᠠᠩ ᠳᠤ ᠠᠭᠤᠯᠵᠠᠬᠤ ᠭᠡᠰᠡᠨ ᠳᠦ ᠵᠠᠮ ᠤᠨ ᠭᠤᠳᠤᠰ ᠵᠢᠶᠠᠨ ᠨᠢᠩ᠂ ᠹᠦ ᠵᠧᠦ ᠵᠡᠷᠭᠡ ᠭᠠᠵᠠᠷ ᠢ ᠳᠠᠭᠠᠷᠢᠨ ᠡᠵᠡᠯᠡᠭᠡᠳ ᠢᠷᠡᠬᠦ ᠵᠢᠯ ᠳᠦᠨᠢ ᠭᠤᠸᠠᠩᠵᠧᠦ ᠳ᠋ᠦ᠍ ᠬᠦᠷᠪᠡ᠃ ᠲᠠᠴᠤ᠂ ᠰᠣᠳᠤ ᠪᠠᠷ ᠴᠤᠤᠵᠧᠤ ᠶᠢ ᠴᠣᠬᠢᠭᠤᠯᠤᠭᠰᠠᠨ ᠳᠤ 20 ᠭᠠᠷᠤᠶ ᠡᠳᠦᠷ ᠲᠠᠭᠠᠷᠢᠯᠲᠠ ᠬᠢᠭᠡᠳ ᠹᠦ ᠳ᠋ᠦ᠍ᠷ ᠲᠦᠪᠰᠢᠳᠭᠡᠵᠡᠢ᠃ ᠠᠷᠪᠠ ᠶᠢᠰᠦᠳᠦᠭᠡᠷ ᠣᠨ ︵ 1282︶ ᠳᠤ ᠰᠣᠳᠤ 1000 ᠪᠠᠢᠯᠳᠤᠭᠠᠨ ᠤ ᠣᠩᠭᠣᠴᠠ ᠶᠢ ᠳᠠᠢᠴᠢᠯᠠᠨ ᠭᠤᠸᠠᠩᠵᠧᠦ ᠡᠴᠡ ᠮᠣᠷᠳᠠᠵᠤ ᠵᠠᠨᠴᠧᠩ ᠢ ᠴᠣᠬᠢᠭᠰᠠᠨ ᠳᠤ ᠵᠠᠨᠴᠧᠩ ᠪᠠᠭᠤᠨ ᠥᠭᠴᠡᠢ᠃ ᠬᠣᠷᠢᠨ ᠨᠢᠭᠡᠳᠦᠭᠡᠷ ᠣᠨ ︵ 1284︶ ᠳᠤ ᠡᠮᠦᠨ᠎ᠡ ᠣᠷᠤᠨ ᠢ᠋ ᠳᠠᠷᠤᠩᠭᠤᠢᠯᠠᠬᠤ ᠸᠠᠩ︵ᠵᠧᠨ ᠨᠠᠨ ᠸᠠᠩ︶ᠲᠣᠬᠤᠨ ᠢ᠋ ᠳᠠᠭᠠᠵᠤ ᠵᠢᠶᠣᠣ ᡁᠢ ᠶᠢ ᠳᠠᠢᠯᠠᠵᠤ᠂ ᠴᠢᠩ ᠬᠤᠸᠠ ᠹᠦ ᠳ᠋ᠦ᠍ᠷ ᠵᠢᠶᠣᠣ ᡁᠢ ᠶᠢᠨ ᠴᠡᠷᠢᠭ ᠢ ᠳᠠᠷᠤᠵᠤ ᠢ ᠠᠨ ᠪᠣᠭᠤᠮᠲᠠ ᠶ᠋ᠢ ᠪᠤᠯᠢᠶᠠᠨ ᠠᠪᠴᠤ᠂ ᠴᠡᠷᠢᠭ ᠦᠨ ᠶᠡᠬᠡ ᠬᠤᠸᠠᠷᠠᠨ ᠠᠴᠠ 200 ᠢᠯᠡᠭᠦᠦ ᠭᠠᠵᠠᠷ ᠬᠣᠯᠠ ᠪᠠᠢᠭ᠎ᠠ ᠲᠢᠶᠠᠨ ᠴᠠᠩ ᠢ ᠰᠠᠬᠢᠵᠤ ᠰᠠᠭᠤᠪᠠ᠃ ᠬᠣᠵᠢᠮ ᠨᠢ ᠲᠣᠬᠤᠨ ᠰᠣᠳᠤ ᠳ᠋ᠤ᠌ ᠮᠡᠳᠡᠭᠳᠡᠯ ᠦᠭᠡᠢ ᠪᠡᠷ ᠴᠡᠷᠢᠭ ᠢᠶᠡᠨ ᠪᠤᠴᠠᠭᠠᠭᠰᠠᠨ ᠳᠤ ᠰᠣᠳᠤ ᠠᠨᠤ ᠮᠠᠨ ᠵᠢᠶᠠᠩ ᠮᠥᠷᠡᠨ ᠳ᠋ᠦ᠍ᠷ ᠪᠠᠢᠯᠳᠤᠨ ᠦᠬᠦᠵᠡᠢ᠃ ᠲᠡᠭᠡᠭᠡᠳ ᠲᠡᠭᠦᠨ ᠳᠦ ᠠᠯᠳᠠᠷ ᠬᠡᠰᠢᠭᠲᠦ ᠲᠠᠢᠹᠦ᠋ ᠴᠣᠯᠠ ᠶᠢ ᠨᠡᠬᠡᠮᠵᠢᠯᠡᠨ ᠰᠣᠶᠤᠷᠬᠠᠵᠠᠢ᠃