ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠢᠷ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠢᠷ᠎ᠠ ︵ 1925—— 1949︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦ᠋ᠨ ᠪᠠᠢᠯᠳᠤᠭᠠᠨ ᠤ ᠪᠠᠭᠠᠲᠤᠷ᠃ ᠥᠪᠦᠷ ᠮᠣᠩᠭᠤᠯ ᠤ᠋ᠨ ᠬᠥᠪᠡᠭᠡᠲᠦ ᠰᠢᠷ᠎ᠠ ᠬᠣᠰᠢᠭᠤᠨ ᠳᠤ ᠨᠤᠲᠤᠭ ᠲᠠᠢ᠂ ᠮᠣᠩᠭᠤᠯ ᠦᠨᠳᠦᠰᠦᠲᠡᠨ᠃ 1916 ᠣᠨ ᠤ 5 ᠰᠠᠷ᠎ᠠ ᠳᠤ ᠴᠡᠷᠢᠭ ᠲᠦ᠍ ᠣᠷᠤᠵᠠᠢ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠃ 1947 ᠣᠨ ᠤ 6 ᠰᠠᠷ᠎ᠠ ᠶᠢᠨ ᠳᠤᠮᠳᠠᠴᠢ ᠪᠠᠷ ᠲᠡᠷᠡ ᠥᠪᠦᠷ ᠮᠣᠩᠭᠤᠯ ᠤ᠋ᠨ ᠮᠣᠷᠢᠲᠤ ᠴᠡᠷᠢᠭ ᠦᠨ 11  ᠳᠦᠭᠡᠷ ᠳ᠋ᠢᠸᠢᠽᠢ ᠶᠢᠨ ᠨᠢᠭᠡᠨ ᠴᠡᠷᠢᠭ ᠠᠩᠭᠢ ᠶᠢᠨ ᠰᠠᠯᠠᠭ᠎ᠠ ᠶᠢᠨ ᠳᠠᠷᠤᠭ᠎ᠠ ᠪᠠᠢᠬᠤ ᠳᠠᠭᠠᠨ ᠵᠠᠷᠯᠢᠭ ᠢᠶᠠᠷ ᠪᠥᠬᠦ ᠰᠠᠯᠠᠭ᠎ᠠ ᠪᠠᠨ ᠳᠠᠭᠠᠭᠤᠯᠵᠤ ᠤᠷᠠᠨ ᠠᠷᠭ᠎ᠠ ᠪᠠᠭᠠᠲᠤᠷ ᠵᠣᠷᠢᠭ ᠢᠶᠠᠷ ᠭᠣᠮᠢᠨᠳᠠᠩ ᠤᠨ ᠲᠠᠩᠨᠠᠭᠤᠯ ᠱᠠᠪᠷᠠᠩ ᠯᠠᠮᠠ ᠶᠢ ᠠᠮᠢᠳᠤ ᠪᠠᠷ ᠪᠠᠷᠢᠪᠴᠢᠯᠠᠨ ᠴᠡᠷᠢᠭ ᠲᠡᠭᠡᠨ ᠪᠤᠴᠠᠬᠤ ᠵᠠᠮ ᠤᠨ ᠭᠤᠳᠤᠰ ᠲᠠᠭᠠᠨ ᠳᠡᠭᠡᠷᠡᠮ  ᠯᠦᠭᠡ ᠬᠠᠷᠭᠤᠪᠠ᠃ ᠲᠡᠷᠡ ᠪᠥᠬᠦ ᠰᠠᠯᠠᠭ᠎ᠠ ᠪᠠᠨ ᠵᠢᠯᠤᠭᠤᠳᠤᠨ ᠲᠣᠭᠲᠠᠭᠤᠨ ᠯᠠᠪᠳᠠᠭᠤᠨ ᠢᠶᠠᠷ ᠲᠤᠰᠤᠨ ᠴᠣᠬᠢᠵᠤ ᠪᠠᠭᠠᠲᠤᠷᠯᠢᠭ ᠢᠶᠠᠷ ᠪᠠᠢᠯᠳᠤᠨ ᠳᠠᠢᠰᠤᠨ ᠢ ᠠᠯᠠᠵᠤ ᠬᠢᠶᠠᠷᠠᠲᠠᠯ᠎ᠠ ᠴᠣᠬᠢᠵᠠᠢ᠃ l947 ᠣᠨ ᠤ 7 ᠰᠠᠷ᠎ᠠ ᠶᠢᠨ ᠡᠬᠢ ᠪᠡᠷ ᠭᠦᠨᠵᠠᠪ ᠲᠡᠷᠢᠭᠦᠲᠡᠢ 300 ᠭᠠᠷᠤᠢ ᠳᠡᠭᠡᠷᠡᠮ ᠳᠥᠷᠪᠡᠳ ᠬᠣᠰᠢᠭᠤᠨ ᠤ ᠪᠣᠢᠨ ᠰᠦᠮ᠎ᠡ ᠳᠦ ᠡᠭᠦᠷᠯᠡᠵᠦ ᠪᠠᠢᠪᠠ᠃ ᠥᠪᠦᠷ ᠮᠣᠩᠭᠤᠯ ᠤ᠋ᠨ ᠮᠣᠷᠢᠲᠤ ᠴᠡᠷᠢᠭ ᠦᠨ11 ᠳᠦᠭᠡᠷ ᠳ᠋ᠢᠸᠢᠽᠢ ᠨᠢ ᠬᠣᠶᠠᠷ ᠬᠣᠷᠢᠶ᠎ᠠ ᠴᠡᠷᠢᠭ ᠢᠶᠡᠷ ᠪᠣᠢᠨ ᠰᠦᠮ᠎ᠡ ᠳᠦ ᠳᠠᠪᠬᠢᠨ ᠬᠦᠷᠴᠦ ᠲᠤᠰ ᠪᠦᠯᠦᠭ ᠳᠠᠢᠰᠤᠨ ᠢ ᠤᠰᠠᠳᠭᠠᠬᠤ ᠭᠡᠵᠡᠢ᠃ ᠪᠠᠢᠯᠳᠤᠭᠠᠨ ᠡᠬᠢᠯᠡᠭᠰᠡᠨ ᠦ ᠳᠠᠷᠠᠭ᠎ᠠ ᠪᠤᠷᠤᠩᠬᠤᠢ ᠳᠠᠢᠰᠤᠨ ᠨᠤᠭᠤᠳ ᠪᠠᠯᠠᠭ ᠠᠯᠲᠠᠨ ᠪᠤᠷᠤᠭᠤᠯᠠᠨ ᠳᠤᠲᠠᠭᠠᠭᠰᠠᠨ ᠳᠤ ᠰᠢᠷ᠎ᠠ ᠪᠥᠬᠦ ᠰᠠᠯᠠᠭ᠎ᠠ ᠪᠠᠨ ᠳᠠᠭᠠᠭᠤᠯᠤᠨ ᠪᠣᠷᠪᠢᠳᠠᠨ ᠨᠡᠬᠡᠮᠵᠢᠯᠡᠵᠦ ᠪᠠᠢᠰᠢᠩᠲᠤ ᠳᠤ ᠬᠦᠷᠦᠭᠡᠳ ᠳᠠᠢᠰᠤᠨ ᠢ ᠨᠢᠭᠡ ᠯᠡ ᠳᠡᠭᠡᠷ᠎ᠡ ᠨᠢᠭᠡᠮᠦᠰᠦᠨ ᠠᠷᠢᠯᠭᠠᠪᠠ᠃ ᠬᠣᠶᠠᠳᠤᠭᠠᠷ ᠡᠳᠦᠷ ᠨᠢ ᠭᠣᠮᠢᠨᠳᠠᠩ ᠤᠨ ᠮᠣᠷᠢᠲᠤ ᠴᠡᠷᠢᠭ ᠦᠨ 22 ᠳ᠋ᠤᠭᠠᠷ ᠪᠠᠷᠢᠭᠠᠳᠠ ᠶᠢᠨ ᠬᠦᠨᠳᠦ ᠫᠤᠤ ᠶᠢᠨ ᠬᠣᠷᠢᠶ᠎ᠠ ᠭᠦᠨᠵᠠᠪ ᠤ᠋ᠨ ᠦᠯᠡᠳᠡᠭᠳᠡᠯ ᠳᠡᠭᠡᠷᠡᠮ ᠦᠨ ᠬᠠᠮᠵᠢᠯᠴᠠᠭ᠎ᠠ ᠳᠣᠣᠷ᠎ᠠ ᠪᠣᠢᠨ ᠰᠦᠮ᠎ᠡ ᠶᠢ ᠪᠦᠰᠡᠯᠡᠪᠡ᠃ ᠲᠤᠰ ᠳ᠋ᠢᠸᠢᠽᠢ ᠶᠢᠨ ᠬᠣᠶᠠᠷ ᠬᠣᠷᠢᠶ᠎ᠠ ᠨᠢ ᠵᠢᠭᠰᠠᠭᠠᠯ ᠤᠨ ᠭᠠᠵᠠᠷ ᠢ ᠡᠵᠡᠯᠡᠨ ᠳᠠᠢᠰᠤᠨ ᠢ ᠡᠰᠡᠷᠭᠦᠴᠡᠨ ᠴᠣᠬᠢᠭᠰᠠᠨ ᠳᠤ ᠰᠢᠷ᠎ᠠ ᠳᠠᠢᠴᠢᠨ ᠨᠤᠭᠤᠳ ᠤ᠋ᠨ ᠢ᠋ᠶ᠋ᠠᠨ ᠬᠠᠮᠠᠭᠠᠯᠠᠯᠲᠠ ᠳᠣᠣᠷ᠎ᠠ ᠠᠮᠢ ᠪᠡᠶ᠎ᠡ ᠪᠡᠨ ᠴᠦᠯᠡᠵᠦ ᠰᠦᠷᠴᠢᠬᠦ ᠫᠤᠤ ᠪᠠᠨ ᠪᠠᠢᠵᠤ ᠳᠠᠢᠰᠤᠨ ᠤ ᠰᠦᠷᠦᠭ ᠲᠦ ᠳᠠᠭᠠᠷᠢᠨ ᠣᠷᠤᠭᠠᠳ ᠨᠢᠭᠡᠨ ᠵᠡᠷᠭᠡ ᠱᠦᠭᠦᠷᠳᠡᠨ ᠫᠤᠤᠳᠠᠭᠰᠠᠨ ᠳᠤ ᠳᠠᠢᠰᠤᠨ ᠨᠤᠭᠤᠳ ᠳᠤᠬᠤ ᠪᠠᠨ ᠲᠡᠪᠡᠷᠢᠨ ᠬᠤᠯᠤᠭᠠᠨ᠎ᠠ ᠮᠡᠲᠦ ᠪᠤᠷᠤᠭᠤᠯᠠᠵᠤ᠂ ᠡᠷᠦᠢ ᠬᠤᠷᠤᠢ ᠦᠭᠡᠢ ᠡᠷᠭᠢᠯᠳᠦᠭᠰᠡᠨ ᠲᠤᠯᠠ ᠳᠠᠢᠰᠤᠨ ᠤ ᠳᠠᠭᠠᠷᠢᠯᠲᠠ ᠶᠢ ᠴᠣᠬᠢᠨ ᠤᠬᠤᠷᠢᠭᠤᠯᠵᠠᠢ᠃ l949 ᠣᠨ ᠤ 5 ᠰᠠᠷ᠎ᠠ ᠳᠤ᠂ ᠳᠡᠭᠡᠷᠡᠮ ᠦᠨ ᠲᠦᠷᠦᠭᠦᠦ ᠭᠦᠨᠵᠠᠪ ᠲᠡᠭᠦᠨ ᠦ ᠵᠤᠰᠠᠯᠠᠩ ᠤᠨ ᠭᠠᠵᠠᠷ ᠪᠣᠯᠬᠤ ᠰᠤᠮᠤᠨ ᠭᠣᠣᠯ ᠳᠠᠭᠠᠨ l00 ᠭᠠᠷᠤᠢ ᠬᠠᠷᠢᠶᠠᠲᠤ ᠪᠠᠨ ᠴᠤᠭᠯᠠᠭᠤᠯᠤᠨ ᠪᠠᠷᠠᠭᠤᠨᠰᠢ ᠠᠯᠠᠱᠠᠨ ᠵᠦᠭ ᠵᠢᠭᠤᠳᠠᠨ ᠳᠤᠲᠠᠭᠠᠵᠤ ᠳᠠᠬᠢᠨ ᠪᠣᠰᠴᠤ ᠤᠷᠪᠠᠵᠤ ᠢᠷᠡᠬᠦ ᠪᠡᠷ ᠪᠡᠯᠡᠳᠭᠡᠵᠦ ᠪᠠᠢᠵᠠᠢ᠃ ᠰᠢᠷ᠎ᠠ᠂ ᠬᠣᠷᠢᠶᠠᠨ ᠤ ᠵᠠᠷᠯᠢᠭ ᠢᠶᠠᠷ ᠲᠤᠰ ᠪᠦᠯᠦᠭ ᠳᠠᠢᠰᠤᠨ ᠢ ᠤᠰᠠᠳᠭᠠᠬᠤ ᠪᠠᠷ ᠪᠥᠬᠦ ᠰᠤᠮᠤᠨ ᠠᠩᠭᠢ ᠪᠠᠨ ᠳᠠᠭᠠᠭᠤᠯᠤᠨ ᠳᠠᠢᠰᠤᠨ ᠤ ᠮᠣᠩᠭᠤᠯ ᠬᠡᠷ ᠦᠨ ᠰᠦᠷᠦᠭ ᠲᠦ ᠳᠠᠭᠠᠷᠢᠨ ᠣᠷᠤᠵᠤ ᠳᠠᠢᠰᠤᠨ ᠯᠤᠭ᠎ᠠ ᠴᠢᠰᠤᠯᠠᠨ ᠪᠠᠢᠯᠳᠤᠭᠰᠠᠨ ᠳᠤ ᠳᠠᠢᠰᠤᠨ ᠳᠠᠯᠳᠠᠭᠤᠷ ᠲᠡᠭᠦᠨ ᠢ ᠬᠠᠷᠪᠤᠭᠰᠠᠨ ᠲᠤᠯᠠ ᠡᠷᠡᠯᠬᠡᠭ ᠪᠠᠭᠠᠲᠤᠷᠯᠢᠭ ᠢᠶᠠᠷ ᠠᠮᠢ ᠦᠷᠡᠭᠳᠡᠵᠡᠢ᠃ ᠲᠤᠰ ᠤᠳᠠᠭᠠᠨ ᠤ ᠲᠤᠯᠤᠯᠳᠤᠭᠠᠨ ᠳᠤ ᠳᠡᠭᠡᠷᠡᠮ ᠢ ᠪᠤᠯᠲᠤ ᠪᠠᠷ ᠨᠢ ᠰᠥᠨᠦᠭᠡᠭᠡᠳ ᠪᠥᠬᠦ ᠳᠥᠷᠪᠡᠳ ᠬᠣᠰᠢᠭᠤ ᠶᠢ ᠳᠠᠶᠠᠭᠠᠷ ᠴᠢᠯᠥᠭᠡᠯᠡᠭᠰᠡᠨ ᠶᠤᠮ᠃