ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠢᠪᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠢᠪᠠᠨ︵ ᠦᠬᠦᠵᠦ ᠲᠥᠷᠦᠭᠰᠡᠨ ᠣᠨ ᠵᠢᠯ ᠨᠢ ᠪᠠᠯᠠᠷᠬᠠᠢ ︶ ᠶᠡᠬᠡ ᠮᠣᠩᠭᠤᠯ ᠤᠯᠤᠰ ᠤᠨ ᠠᠯᠳᠠᠷᠲᠤ ᠵᠠᠩᠵᠤᠨ᠂ ᠵᠦᠴᠢ ᠶᠢᠨ ᠲᠠᠪᠤᠳᠤᠭᠠᠷ ᠬᠥᠪᠡᠭᠦᠨ ᠨᠢ ᠮᠥᠨ᠃ ᠶᠤᠸᠠᠨ ᠲᠠᠢᠽᠦ᠋ᠩ ᠦ᠋ᠨ ᠳᠣᠯᠤᠳᠤᠭᠠᠷ ᠣᠨ ︵ 1235︶ ᠳᠤ ᠮᠣᠩᠭᠤᠯ ᠤ᠋ᠨ ᠲᠥᠷᠦᠯ ᠦᠨ ᠸᠠᠩ ᠨᠠᠷ ᠵᠥᠪᠳᠡᠯᠴᠡᠭᠡᠳ ᠠᠯᠤᠰ ᠳ᠋ᠠᠬᠢᠨ ᠡᠸᠦ᠋ᠷᠦᠫᠡ ᠶᠢ ᠳᠠᠢᠯᠠᠬᠤ ᠪᠠᠷ ᠲᠣᠭᠲᠠᠭᠠᠵᠠᠢ᠃ ᠰᠢᠪᠠᠨ ᠵᠦᠴᠢ ᠶᠢᠨ ᠤᠳᠤᠮ ᠢ ᠲᠥᠯᠦᠭᠡᠯᠡᠨ ᠴᠡᠷᠢᠭ ᠳᠠᠢᠴᠢᠯᠠᠨ ᠮᠣᠷᠳᠠᠵᠤ᠂ ᠣᠷᠤᠰ᠂ ᠫᠣᠯᠠᠨᠳ᠋᠂ ᠬᠠᠩᠭᠠᠷᠢ ᠶᠢ ᠳᠠᠭᠠᠷᠢᠨ ᠳᠣᠪᠲᠤᠯᠤᠭᠰᠠᠨ ᠣᠯᠠᠨ ᠤᠳᠠᠭᠠᠨ ᠤ ᠳᠠᠢᠯᠠᠯᠳᠤᠭᠠᠨ ᠳᠤ ᠣᠷᠤᠯᠴᠠᠭᠰᠠᠨ ᠪᠠᠢᠵᠠᠢ᠃ ᠲᠠᠢᠽᠦ᠋ᠩ ᠦ᠋ᠨ ᠠᠷᠪᠠᠳᠤᠭᠠᠷ ᠣᠨ ︵ 1238︶ ᠳᠤ ᠪᠦᠷᠢ ᠵᠡᠷᠭᠡ ᠲᠥᠷᠦᠯ ᠦᠨ ᠸᠠᠩ ᠨᠠᠷ ᠤᠨ ᠬᠠᠮᠲᠤ ᠮᠠᠷᠢᠮ ᠨᠤᠲᠤᠭ ᠲᠤ ᠲᠦᠷᠢᠨ ᠣᠷᠤᠵᠤ ᠬᠢᠪᠴᠠᠭ ᠠᠢᠮᠠᠭ ᠯᠤᠭ᠎ᠠ ᠲᠤᠯᠤᠯᠳᠤᠬᠤ ᠲᠤᠯᠤᠯᠳᠤᠭᠠᠨ ᠳᠤᠮᠳᠠ ᠬᠢᠪᠴᠠᠭ ᠤᠨ ᠲᠦᠷᠦᠭᠦᠦ ᠪᠠᠴᠢᠮᠠᠨ ᠢ ᠪᠠᠷᠢᠪᠴᠢᠯᠠᠭᠰᠠᠨ ᠶᠤᠮ᠃ ᠲᠠᠢᠽᠦ᠋ᠩ ᠦ᠋ᠨ ᠠᠷᠪᠠᠨ ᠭᠤᠷᠪᠠᠳᠤᠭᠠᠷ ᠣᠨ ︵ 1241 ︶ ᠳᠤ ᠫᠣᠯᠠᠨᠳ᠋᠂ ᠬᠠᠩᠭᠠᠷᠢ ᠶᠢ ᠳᠠᠭᠠᠷᠢᠨ ᠳᠣᠪᠲᠤᠯᠪᠠ᠃ ᠪᠠᠲᠤ᠂ ᠰᠦᠪᠡᠭᠡᠳᠡᠢ ᠭᠣᠣᠯ ᠴᠡᠷᠢᠭ ᠢ ᠳᠠᠢᠴᠢᠯᠠᠨ ᠬᠠᠩᠭᠠᠷᠢ ᠶᠢᠨ ᠬᠢᠯᠢ ᠳᠦ ᠴᠥᠮᠦᠷᠡᠨ ᠣᠷᠤᠵᠤ᠂ ᠬᠥᠩᠭᠡᠨ ᠮᠣᠷᠢᠲᠤ ᠴᠡᠷᠢᠭ ᠲᠣᠮᠢᠯᠠᠨ ᠫᠠᠰᠲ ᠬᠣᠲᠠᠨ᠎ᠠ ᠣᠴᠢᠭᠤᠯᠵᠤ ᠳᠠᠢᠰᠤᠨ ᠢ ᠥᠳᠦᠭᠡᠨ ᠬᠣᠲᠠ ᠠᠴᠠ ᠭᠠᠷᠭᠠᠨ ᠪᠠᠢᠯᠳᠤᠵᠠᠢ᠃ ᠬᠠᠩᠭᠠᠷᠢ ᠶᠢᠨ ᠪᠧᠷ᠎ᠠ ᠸᠠᠩ 40 ᠲᠦᠮᠡᠨ ᠶᠡᠬᠡ ᠴᠡᠷᠢᠭ ᠳᠠᠢᠴᠢᠯᠠᠨ ᠮᠣᠩᠭᠤᠯ ᠴᠡᠷᠢᠭ ᠢ ᠤᠭᠲᠤᠨ ᠪᠠᠢᠯᠳᠤᠭᠰᠠᠨ ᠳᠤ ᠪᠠᠲᠤ ᠴᠡᠷᠢᠭ ᠢᠶᠡᠨ ᠤᠬᠤᠷᠢᠭᠤᠯᠤᠭᠰᠠᠨ ᠳᠤ ᠬᠠᠩᠭᠠᠷᠢ ᠶᠢᠨ ᠴᠡᠷᠢᠭ ᠰᠢᠶᠣᠣ ᠭᠣᠣᠯ ᠤᠨ ᠪᠠᠷᠠᠭᠤᠨ ᠬᠥᠪᠡᠭᠡ ᠳ᠋ᠦ᠍ ᠴᠡᠷᠢᠭ ᠦ᠋ᠨ ᠪᠠᠭᠤᠴᠠ ᠪᠠᠭᠤᠪᠠ᠃ ᠮᠣᠩᠭᠤᠯ ᠴᠡᠷᠢᠭ ᠭᠣᠣᠯ ᠤᠨ ᠵᠡᠭᠦᠨᠲᠡᠢ 5 ᠠᠩᠭ᠌ᠯᠢ ᠭᠠᠵᠠᠷ ᠤᠬᠤᠷᠢᠵᠤ᠂ ᠰᠢᠪᠠᠨ ᠢᠶᠠᠷ ᠲᠦᠮᠡᠨ ᠴᠡᠷᠢᠭ ᠳᠠᠢᠴᠢᠯᠠᠭᠤᠯᠤᠨ ᠬᠣᠰᠢᠭᠤᠴᠢ ᠪᠣᠯᠭᠠᠨ ᠪᠠᠲᠤ ᠰᠦᠪᠡᠭᠡᠳᠡᠢ ᠭᠣᠣᠯ ᠴᠡᠷᠢᠭ ᠢ᠋ᠶ᠋ᠡᠨ ᠵᠠᠬᠢᠷᠤᠨ ᠰᠥᠨᠢ ᠪᠡᠷ ᠭᠣᠣᠯ ᠭᠠᠲᠤᠯᠵᠠᠢ᠃ ᠰᠢᠪᠠᠨ ᠤ ᠴᠡᠷᠢᠭ ᠳᠠᠢᠰᠤᠨ ᠤ ᠵᠢᠭᠰᠠᠭᠠᠯ ᠳᠤ ᠭᠡᠨᠡᠳᠲᠡ ᠳᠠᠭᠠᠷᠢᠨ ᠣᠷᠤᠭᠠᠳ ᠬᠤᠷᠴᠠ ᠬᠢᠲᠤᠭ᠎ᠠ ᠪᠠᠷ ᠵᠡᠯ᠎ᠡ ᠳᠡᠭᠡᠰᠦ ᠶᠢ ᠲᠠᠰᠤᠯᠪᠠ᠃ ᠪᠧᠷ᠎ᠠ ᠸᠠᠩ ᠤᠨ ᠴᠠᠴᠠᠷ ᠮᠠᠢᠬᠠᠨ ᠨᠤᠷᠠᠭᠰᠠᠨ ᠢ ᠬᠠᠷᠠᠭᠠᠳ ᠬᠠᠩᠭᠠᠷᠢ ᠶᠢᠨ ᠴᠡᠷᠢᠭ ᠣᠷᠤᠨ ᠪᠤᠲᠠᠷᠠᠨ ᠪᠤᠷᠤᠭᠤᠯᠠᠪᠠ᠃ ᠮᠣᠩᠭᠤᠯ ᠴᠡᠷᠢᠭ ᠪᠣᠷᠪᠢᠳᠠᠨ ᠨᠡᠬᠡᠮᠵᠢᠯᠡᠵᠦ ᠦᠯᠡᠮᠵᠢ ᠣᠯᠠᠨ ᠳᠠᠢᠰᠤᠨ ᠢ ᠠᠯᠠᠵᠤ ᠨᠡᠢᠰᠯᠡᠯ ᠬᠣᠲᠠ ᠶᠢ ᠨᠢ ᠳᠠᠭᠠᠷᠢᠨ ᠡᠵᠡᠯᠡᠭᠰᠡᠨ ᠶᠤᠮ᠃ ᠰᠢᠪᠠᠨ ᠳᠤ 12 ᠬᠡᠦᠬᠡᠳ ᠲᠡᠢ᠂ ᠲᠡᠭᠦᠨ ᠦ ᠣᠷᠤᠰ ᠢ᠋ ᠳᠠᠢᠯᠠᠬᠤ ᠳᠤ ᠭᠠᠪᠢᠶ᠎ᠠ ᠪᠠᠢᠭᠤᠯᠤᠭᠰᠠᠨ ᠤ ᠤᠴᠢᠷ ᠪᠠᠲᠤ ᠲᠡᠭᠦᠨ ᠳᠦ ᠦᠷᠡᠯ ᠭᠣᠣᠯ ᠤᠨ ᠰᠠᠪᠠ ᠭᠠᠵᠠᠷ ᠢ ᠰᠣᠶᠤᠷᠬᠠᠨ ᠥᠭᠪᠡ᠃ ᠥᠷᠦᠨᠡᠳᠠᠬᠢᠨ ᠤ᠋ ᠬᠥᠮᠦᠰ ᠲᠡᠭᠦᠨ ᠢ ᠠᠯᠲᠠᠨ ᠣᠷᠳᠤᠲᠤ ᠬᠠᠭᠠᠨᠲᠤ ᠤᠯᠤᠰ ᠬᠡᠮᠡᠮᠦᠢ᠃