ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠡᠴᠡᠨᠲᠤᠩᠭᠠᠯᠠᠭ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠡᠴᠡᠨᠲᠤᠩᠭᠠᠯᠠᠭ ᠂ ᠪᠢᠷ ᠦ᠋ᠨ ᠨᠡᠷ᠎ᠡ ᠵᠣᠯᠵᠠᠶᠠᠭ᠎ᠠ ᠂ ᠣᠳᠤ ᠶᠢᠨ ᠤᠯᠠᠭᠠᠨᠬᠠᠳᠠ ᠬᠤᠳᠠ ᠶᠢᠨ ᠠᠷᠤ ᠬᠣᠷᠴᠢᠨ ᠬᠣᠰᠢᠭᠤᠨ ᠤ ᠤᠤᠯ ᠤ᠋ᠨ ᠳᠤᠤᠲᠠᠨ ᠪᠠᠯᠭᠠᠰᠤ ᠪᠠᠷ ᠨᠤᠲᠤᠭ ᠲᠠᠢ ᠃ 1983 ᠣᠨ ᠳ᠋ᠤ᠌ ᠲᠤᠰ ᠪᠠᠯᠭᠠᠰᠤ ᠶᠢᠨ ᠳᠤᠤᠲᠠᠨ ᠶᠡᠷᠦᠩᠬᠡᠢ ᠳᠤᠮᠳᠠᠳᠤ ᠰᠤᠷᠭᠠᠭᠤᠯᠢ ᠳ᠋ᠤ᠌ ᠪᠠᠭᠰᠢᠯᠠᠵᠤ ᠪᠠᠢᠭᠰᠠᠨ ᠪᠤᠷᠪᠢᠴᠢᠨ ᠰ‍ ᠂ ᠮᠣᠯᠤᠷᠡᠷᠳᠡᠨᠢ ᠪᠠ ᠮᠥᠨ ᠲᠤᠰ ᠰᠤᠷᠭᠠᠭᠤᠯᠢ  ᠶᠢᠨ ᠪᠠᠭᠰᠢ ᠪᠣᠷᠵᠢᠭᠢᠨ ᠪᠦᠷᠢᠨᠲᠤᠶᠠᠭ᠎ᠠ ᠶᠢᠨ ᠤᠤᠭᠠᠨ ᠥᠬᠢᠨ ᠨᠢ ᠪᠣᠯᠵᠤ ᠵᠠᠶᠠᠭᠠᠭᠳᠠᠵᠠᠢ᠃ 2003 ᠣᠨ ᠠ᠋ᠴᠠ ᠥᠪᠦᠷ ᠮᠣᠩᠭᠤᠯ ᠤ᠋ᠨ ᠪᠠᠭᠰᠢ ᠶᠢᠨ ᠶᠡᠬᠡ ᠰᠤᠷᠭᠠᠭᠤᠯᠢ ᠶ᠋ᠢᠨ ᠰᠤᠷᠭᠠᠨ ᠬᠥᠮᠦᠵᠢᠯ ᠦ᠋ᠨ ᠰᠠᠯᠪᠤᠷᠢ ᠶᠢᠨ ᠰᠤᠷᠭᠠᠨ ᠬᠥᠮᠦᠵᠢᠯ ᠦ᠋ᠨ ᠮᠡᠷᠭᠡᠵᠢᠯ ᠢᠶᠡᠷ ᠰᠤᠷᠤᠯᠴᠠᠨ 2007 ᠣᠨ ᠳ᠋ᠤ᠌ ᠣᠶᠤᠲᠠᠨ ᠴᠣᠯᠠ  ‍ᠪᠠᠨ ᠬᠠᠮᠠᠭᠠᠯᠠᠵᠤ ᠂ 2008 ᠣᠨ ᠠ᠋ᠴᠠ ᠥᠪᠦᠷ ᠮᠣᠩᠭᠤᠯ ᠤ᠋ᠨ ᠪᠠᠭᠰᠢ ᠶᠢᠨ ᠶᠡᠬᠡ ᠰᠤᠷᠭᠠᠭᠤᠯᠢ ᠶᠢᠨ ᠮᠣᠩᠭᠤᠯ ᠬᠡᠯᠡ ᠰᠤᠳᠤᠯᠤᠯ ᠤᠨ ᠰᠠᠯᠪᠤᠷᠢ ᠶᠢᠨ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ ᠬᠡᠯᠡ ᠤᠳᠭ᠎ᠠ ᠵᠣᠬᠢᠶᠠᠯ ᠤᠨ ᠮᠡᠷᠭᠡᠵᠢᠯ ᠢᠶᠡᠷ ᠰᠤᠷᠤᠯᠴᠠᠨ 2011 ᠣᠨ ᠳ᠋ᠤ᠌ ᠮᠠᠰᠲ᠋ᠧᠷ ᠴᠣᠯᠠ ᠪᠠᠨ ᠬᠠᠮᠠᠭᠠᠯᠠᠵᠠᠢ ᠃ 2012 ᠣᠨ ᠤ ᠵᠢᠯ ᠦ᠋ᠨ ᠡᠬᠢᠨ ᠳ᠋ᠦ᠍ ᠥᠪᠦᠷ ᠮᠣᠩᠭᠤᠯ ᠤ᠋ᠨ ᠰᠣᠶᠤᠯ ᠤ᠋ᠨ ᠳᠠᠭᠤᠤ ᠬᠥᠭᠵᠢᠮ ᠳᠦᠷᠰᠦ ᠰᠢᠩᠭᠡᠭᠡᠯᠲᠡ ᠶ᠋ᠢᠨ ᠬᠡᠪᠯᠡᠯ ᠦᠨ ᠬᠣᠷᠢᠶᠠᠨ ᠳ᠋ᠤ᠌ ᠠᠩᠬᠠᠨ ᠤ᠋ ᠠᠵᠢᠯ ᠤᠨ ᠭᠠᠷᠤᠭ᠎ᠠ ‍ᠪᠠᠨ ᠠᠪᠤᠭᠰᠠᠨ ᠪᠥᠭᠡᠳ ᠣᠳᠤ  ᠴᠦ ᠭᠡᠰᠡᠨ ᠮᠥᠨ ᠲᠤᠰ ᠪᠠᠢᠭᠤᠯᠤᠯᠭ᠎ᠠ ᠶ᠋ᠢᠨ ᠢ᠋ᠶ᠋ᠠᠨ ᠶᠡᠷᠦᠩᠬᠡᠢ ᠨᠠᠢᠷᠠᠭᠤᠯᠤᠭᠴᠢ ᠶ᠋ᠢᠨ ᠠᠯᠪᠠᠨ ᠭᠡᠷ ᠲᠦ ᠠᠵᠢᠯᠯᠠᠵᠤ ᠪᠤᠢ ᠃ ᠣᠷᠴᠢᠮ ᠤᠨ ᠵᠢᠯ ᠦᠳ ᠲᠦ ︽ ᠰᠤᠷᠭᠠᠭᠤᠯᠢ  ᠶᠢᠨ ᠪᠠᠢᠷᠢᠰᠢᠯᠲᠠ  ‍ᠳ᠋ᠣ ᠲᠣᠬᠢᠷᠠᠭᠤᠯᠤᠯᠲᠠ ᠬᠢᠬᠦ ᠵᠠᠷᠴᠢᠮ ᠬᠢᠭᠡᠳ ᠠᠷᠭ᠎ᠠ ᠪᠣᠳᠤᠯᠭ᠎ᠠ  ᠶᠢ ᠥᠭᠦᠯᠡᠬᠦ ᠨᠢ ︾ ᠂ ︽ ᠲᠣᠭᠯᠠᠭᠠᠮ  ‍ᠣᠨ ᠳᠤᠮᠳᠠ ᠬᠡᠦᠬᠡᠳ  ᠢᠶᠠᠨ ᠬᠥᠮᠦᠵᠢᠭᠦᠯᠦᠶ᠎ᠡ ︾ ᠂ ︽ ᠬᠣᠲᠠ ᠣᠷᠤᠵᠤ ᠬᠤᠶᠠᠷ ᠠᠰᠠᠷ ᠲᠠᠢ ᠪᠣᠯᠤᠭᠰᠠᠨ ᠮᠢᠨᠤ ᠨᠢᠭᠤᠴᠠ( ᠵᠣᠯᠵᠠᠶᠠᠭ᠎ᠠ ᠭᠡᠰᠡᠨ ᠪᠢᠷ  ‍ᠣᠨ ᠨᠡᠷ᠎ᠡ  ᠪᠠᠷ  ᠢᠶᠡᠨ ᠪᠢᠴᠢᠪᠡ ︶ ︾ ᠂ ︽ ᠠᠯᠲᠠᠢ ᠶ᠋ᠢᠨ ᠠᠷᠤ ᠠᠳᠤᠭᠤᠨ ᠨᠤᠲᠤᠭ ︾ ᠂ ︽ ᠤᠵᠠᠭᠤᠷ ᠰᠣᠶᠤᠯ ︱ ᠣᠪᠤᠭᠠᠨ ᠲᠠᠬᠢᠯᠭ᠎ᠠ ︾ ᠂ ︽ ᠪᠣᠯᠤᠷ ᠬᠦᠦ ᠱᠦᠭᠯᠦ ᠲᠠᠢ ᠪᠣᠯᠤᠭᠠᠳ ︾ ᠂ ︽ ᠳᠤᠮᠳᠠᠳᠤ ᠪᠠᠭ᠎ᠠ ᠰᠤᠷᠭᠠᠭᠤᠯᠢ  ‍ᠳ᠋ᠣ ︿ ᠪᠠᠭ᠎ᠠ ᠠᠩᠭᠢ  ᠪᠠᠷ ᠬᠢᠴᠢᠶᠡᠯᠯᠡᠬᠦ ﹀ ᠠᠴᠢ ᠬᠣᠯᠪᠤᠭᠳᠠᠯ  ‍ᠣᠨ ᠲᠤᠬᠠᠢ ︾ ᠂ ︽ ᠬᠢᠷᠢ ᠲᠡᠩᠴᠡᠭᠰᠡᠨ ᠭᠡᠷ  ‍ᠣᠨ ᠠᠬᠠᠮᠠᠳ  ‍ᠣᠨ ᠪᠦᠷᠢᠯᠳᠦᠭᠦᠯᠬᠦ ᠴᠢᠬᠤᠯᠠᠲᠠᠢ ᠬᠡᠳᠦᠨ ᠵᠦᠢᠯ ︾ ᠂ ︽ ᠮᠣᠩᠭᠤᠯᠵᠢᠨ ᠶᠠᠷᠢᠶᠠᠨ  ‍ᠣ ᠰᠤᠯᠠ ᠦᠭᠡ ᠪᠠ ᠪᠢᠴᠢᠭ  ‍ᠣᠨ ᠬᠡᠯᠡᠨ  ‍ᠣ ᠰᠤᠯᠠ ᠦᠭᠡ  ᠶᠢᠨ ᠬᠠᠷᠢᠴᠠᠭᠤᠯᠤᠯ ︾ ᠂ ︽ ᠵᠠᠯᠠᠭᠤᠴᠤᠳ ᠮᠠᠨᠢ ᠥᠪᠡᠷ  ‍ᠣᠨ ᠪᠣᠯᠪᠠᠰᠤᠷᠠᠯ  ᠢᠶᠠᠨ ᠴᠢᠩᠭᠠᠳᠭᠠᠵᠤ ᠬᠡᠪ ᠴᠢᠨᠠᠷ  ᠢᠶᠠᠨ ᠳᠡᠭᠡᠭᠰᠢᠯᠡᠭᠦᠯᠬᠦ ᠬᠡᠷᠡᠭᠲᠡᠢ ︾ ᠂ ︽ ᠳᠠᠭᠤᠨ ᠤ ᠦᠭᠡ ᠶᠢᠨ ᠣᠷᠴᠢᠭᠤᠯᠭ᠎ᠠ ᠶᠢᠨ ᠲᠤᠬᠠᠢ ︾ ᠂ ︽ ᠺᠢᠨᠣ᠋ ᠵᠣᠬᠢᠶᠠᠯ ᠤᠨ ᠣᠷᠴᠢᠭᠤᠯᠭ᠎ᠠ ᠳ᠋ᠤ᠌ ᠠᠪᠢᠶᠠᠯᠠᠭᠴᠢ ᠶᠢᠨ ᠠᠮᠠ ᠲᠠᠭᠠᠷᠠᠭᠤᠯᠬᠤ ᠶᠢ ᠠᠩᠬᠠᠷᠬᠤ ᠨᠢ ︾ ᠭᠡᠬᠦ ᠮᠡᠲᠦ ᠶᠢᠨ ᠥᠭᠦᠯᠡᠯ ᠵᠣᠬᠢᠶᠠᠯ ᠢᠶᠠᠨ ︽ ᠥᠪᠦᠷ ᠮᠣᠩᠭᠤᠯ ᠤ᠋ᠨ ᠰᠤᠷᠭᠠᠨ ᠬᠥᠮᠦᠵᠢᠯ ︾ ᠂ ︽ ᠥᠪᠦᠷ ᠮᠣᠩᠭᠤᠯ ᠤ᠋ᠨ ᠵᠠᠯᠠᠭᠤᠴᠤᠳ ︾ ᠂ ︽ ᠴᠣᠮᠤᠷᠯᠢᠭ ︾ ᠂ ︽ ᠥᠪᠦᠷ ᠮᠣᠩᠭᠤᠯ ᠤ᠋ᠨ ᠡᠮᠡᠭᠲᠡᠢᠴᠦᠳ ︾ ᠂ ︽ ᠮᠣᠩᠭᠤᠯ ᠬᠡᠯᠡ ᠪᠢᠴᠢᠭ ︾ ᠵᠡᠷᠭᠡ ᠰᠡᠳᠭᠦᠯ  ᠳ᠋ᠦ ᠪᠢᠴᠢᠵᠦ ᠨᠡᠢᠲᠡᠯᠡᠵᠡᠢ ᠃ ᠡᠭᠦᠨ ᠦ ᠳᠤᠮᠳᠠ  ‍ᠪᠠᠨ ︽ ᠥᠪᠦᠷ ᠮᠣᠩᠭᠤᠯ ᠤ᠋ᠨ ᠵᠠᠯᠠᠭᠤᠴᠤᠳ ︾ ᠰᠡᠳᠭᠦᠯ ᠦ᠋ᠨ ᠬᠡᠪᠯᠡᠯ ᠦᠨ ᠬᠣᠷᠢᠶᠠᠨ  ᠠᠴᠠ ᠡᠷᠬᠢᠯᠡᠨ ᠶᠠᠪᠤᠭᠳᠠᠭᠤᠯᠤᠭᠰᠠᠨ ︽ ᠮᠢᠨᠤ ᠬᠣᠲᠠ ᠣᠷᠤᠭᠰᠠᠨ ᠦᠯᠢᠭᠡᠷ ︾ ᠬᠡᠮᠡᠬᠦ ᠰᠡᠳᠦᠪᠲᠦ ᠤᠷᠤᠯᠳᠤᠭᠠᠨ ᠳ᠋ᠤ᠌ ᠵᠣᠯᠵᠠᠶᠠᠭ᠎ᠠ ᠭᠡᠬᠦ ᠪᠢᠷ ᠦᠨ ᠨᠡᠷ᠎ᠡ ᠪᠡᠷ ᠢᠶᠡᠨ ᠪᠢᠴᠢᠭᠰᠡᠨ ︽ ᠬᠣᠲᠠ ᠣᠷᠤᠵᠤ ᠬᠤᠶᠠᠷ ᠠᠰᠠᠷ ᠲᠠᠢ ᠪᠣᠯᠤᠭᠰᠠᠨ ᠮᠢᠨᠤ ᠨᠢᠭᠤᠴᠠ ︾ ᠭᠡᠬᠦ ᠵᠣᠬᠢᠶᠠᠯ ᠢ᠋ᠶ᠋ᠠᠷ ᠢ᠋ᠶ᠋ᠠᠨ ᠨᠢᠭᠡᠳᠦᠭᠡᠷ ᠲᠡᠰ ᠲᠦ ᠲᠣᠳᠤᠷᠠᠵᠤ ᠤᠯᠠᠭᠠᠨ ᠳᠡᠪᠲᠡᠷᠲᠦ ᠬᠥᠬᠢᠭᠦᠯᠦᠯ ᠪᠠ ᠮᠢᠩᠭᠠᠨ ᠲᠥᠭᠦᠷᠢᠭ ᠦ᠋ᠨ ᠱᠠᠩᠨᠠᠯ ᠭᠠᠷᠳᠠᠨ ᠲᠣᠰᠴᠤ ᠪᠠᠢᠭᠰᠠᠨ ᠤᠳᠠᠭ᠎ᠠ ᠲᠠᠢ ᠃