ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠠᠷᠠᠨᠭᠡᠷᠡᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠠᠷᠠᠨᠭᠡᠷᠡᠯ︱1964 ᠣᠨ ‍ᠣ11 ᠰᠠᠷ᠎ᠠ ᠶᠢᠨ19 ‍ᠣ ᠡᠳᠦᠷ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ‍ᠣ ᠪᠠᠶᠠᠨᠨᠠᠭᠤᠷ ᠰᠤᠮᠤᠨ ‍ᠣ ᠭᠤᠸᠠᠩ ᠲᠠᠢ ᠬᠣᠣ ᠭᠠᠴᠠᠭᠠᠨ ‍ᠣ ᠯᠦᠸᠧ ᠰᠦᠸᠧ ᠵᠣ᠋ ᠂ ᠪᠤᠤ ᠰᠢᠤ ᠯᠠᠨ ‍ᠣ ᠤᠤᠭᠠᠨ ᠥᠬᠢᠨ ᠪᠣᠯᠵᠤ ᠵᠠᠶᠠᠭᠠᠵᠠᠢ ᠃1985 ᠣᠨ ‍ᠣ7 ᠰᠠᠷ᠎ᠠ ‍ᠳ᠋ᠥ ᠤᠯᠠᠭᠠᠨᠴᠠᠪ ᠤ᠋ᠨ ᠦᠨᠳᠦᠰᠦᠲᠡᠨ ‍ᠣ ᠪᠠᠭᠰᠢ ᠶ᠋ᠢᠨ ᠰᠤᠷᠭᠠᠭᠤᠯᠢ  ᠠᠴᠠ ᠲᠡᠭᠦᠰᠴᠦ ᠂ ᠪᠠᠭᠰᠢ ᠶ᠋ᠢᠨ ᠠᠯᠪᠠ ᠬᠠᠭᠠᠵᠤ ᠶᠠᠪᠤᠬᠤ ‍ᠳ᠋ᠥ ᠪᠠᠨ ᠰᠤᠷᠴᠤ ᠰᠤᠳᠤᠯᠬᠤ  ᠶᠢᠨ ᠬᠦᠰᠡᠯ ᠬᠥᠭᠡᠭᠡᠴᠡᠯᠳᠦᠯ ᠢ᠋ᠶ᠋ᠡᠨ ᠪᠡᠶᠡᠯᠡᠭᠦᠯᠬᠦ ᠪᠡᠷ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠳᠡᠭᠡᠳᠦ ᠰᠤᠷᠭᠠᠭᠤᠯᠢ ‍ᠳ᠋ᠥ ᠦᠷᠭᠦᠯᠵᠢᠯᠡᠨ ᠰᠤᠷᠤᠯᠴᠠᠵᠤ ᠰᠤᠷᠤᠯᠭ᠎ᠠ ᠲᠡᠭᠦᠰᠴᠡᠢ ᠃ ᠣᠳᠣ ᠠᠯᠠᠱᠠ ᠵᠡᠭᠦᠨ ᠬᠣᠰᠢᠭᠤᠨ ‍ᠣ ᠮᠣᠩᠭᠤᠯ ᠦᠨᠳᠦᠰᠦᠲᠡᠨ ‍ᠣ ᠰᠤᠷᠭᠠᠭᠤᠯᠢ  ᠶᠢᠨ ᠠᠩᠬ᠎ᠠ ᠳᠤᠮᠳᠠᠳᠤ ‍ᠳ᠋ᠥ ᠥᠨᠳᠦᠷ ᠲᠠᠰ ᠤᠨ ᠴᠣᠯᠠ ᠲᠠᠢ ᠹᠢᠽᠢᠺ ᠦ᠋ᠨ ᠪᠠᠭᠰᠢ ᠶ᠋ᠢᠨ ᠠᠯᠪᠠ ᠲᠠᠢ ᠠᠵᠢᠯᠯᠠᠵᠤ ᠶᠠᠪᠤᠬᠤ ‍ᠳ᠋ᠥ ᠪᠠᠨ ᠤᠷᠠᠨ ᠵᠣᠬᠢᠶᠠᠯ ᠰᠣᠨᠢᠷᠬᠠᠵᠤ ᠤᠷᠤᠯᠳᠤᠬᠤ ᠳᠤᠷ᠎ᠠ ᠬᠦᠰᠡᠯ ‍ᠳ᠋ᠥ ᠪᠠᠨ ᠬᠥᠲᠦᠯᠦᠭᠳᠡᠵᠦ ᠶᠠᠪᠤᠵᠤ ᠪᠤᠢ ᠃ 《 ᠨᠤᠲᠤᠭ ᠲᠡᠮᠡᠦᠯᠡᠬᠦᠢ》 ᠂《 ᠨᠠᠷᠠᠨ ᠵᠢᠷᠭᠠᠬᠤᠶ᠎ᠠ》 ᠂《 ᠨᠠᠮᠤᠷ ᠤᠨ ᠳᠤᠷᠠᠰᠤᠮᠵᠢ》 ᠂《 ᠬᠠᠪᠤᠷ ᠤᠨ ᠤᠶᠠᠩᠭ᠎ᠠ》 ᠭᠡᠬᠦ ᠪᠦᠲᠦᠭᠡᠯ ᠢ᠋ᠶ᠋ᠡᠨ《 ᠥᠪᠦᠷ ᠮᠣᠩᠭᠤᠯ ᠤ᠋ᠨ ᠡᠳᠦᠷ ᠦ᠋ᠨ ᠰᠣᠨᠢᠨ 》 ‍ᠳ᠋ᠥ ᠨᠡᠢᠲᠡᠯᠡᠵᠦ ᠂《 ᠮᠢᠨᠤ ᠨᠤᠲᠤᠭ ᠲᠦᠰᠢᠶᠡᠲᠦ》 ᠭᠡᠬᠦ ᠪᠦᠲᠦᠭᠡᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ70 ᠵᠢᠯ ᠦ᠋ᠨ ᠤᠢ  ᠶᠢᠨ ᠪᠠᠶᠠᠷ  ᠢ ᠪᠡᠯᠡᠭᠯᠡᠬᠦ《 ᠤᠶᠠᠩᠭᠠᠲᠤ ᠲᠦᠰᠢᠶᠡᠲᠦ 》 ᠱᠠᠩᠨᠠᠯᠳᠤ ᠢᠷᠠᠭᠤ ᠨᠠᠢᠷᠠᠭ ᠤ᠋ᠨ ᠤᠷᠤᠯᠳᠤᠭᠠᠨ ‍ᠳ᠋ᠥ ᠬᠣᠶᠠᠳᠤᠭᠠᠷ ᠲᠠᠰ ᠤᠨ ᠱᠠᠩ ᠪᠡᠷ ᠡᠩᠭᠡᠷ ᠢ᠋ᠶ᠋ᠡᠨ ᠮᠢᠯᠢᠶᠠᠯᠭᠠᠵᠤ ᠂《 ᠡᠵᠢ ᠮᠢᠨᠢ 》 ᠂《 ᠬᠠᠮᠢᠭ᠎ᠠ ᠪᠠᠢᠭ᠎ᠠ ᠪᠣᠯ ︖》 ᠂《 ᠪᠣᠳᠤᠯ ᠤ᠋ᠨ ᠰᠢᠪᠡᠨᠡᠭᠡ》 ᠂《 ᠮᠣᠩᠭᠤᠯ ᠢ᠋ᠶ᠋ᠠᠷ ᠢ᠋ᠶ᠋ᠠᠨ ᠭᠤᠶᠤᠶ᠎ᠠ》 ᠵᠡᠷᠭᠡ ᠪᠦᠲᠦᠭᠡᠯ《 ᠨᠠᠷᠠᠨ ‍ᠳ᠋ᠥ ᠵᠠᠯᠪᠠᠷᠢᠭᠰᠠᠨ ᠴᠡᠴᠡᠭᠡᠰ ᠦ᠋ᠨ ᠲᠡᠭᠦᠪᠦᠷᠢ》 ‍ᠳ᠋ᠥ ᠰᠣᠩᠭᠤᠭᠳᠠᠨ ᠭᠠᠪᠠᠯᠠᠭᠳᠠᠪᠠ ᠃ ᠲᠠᠷᠬᠠᠨ ᠮᠣᠩᠭᠤᠯ ᠨᠤᠲᠤᠭ ᠲᠤ᠌ ᠪᠠᠨ ᠲᠠᠩᠰᠤᠭ ᠭᠡᠯᠡ ᠪᠡᠷ ᠢ᠋ᠶ᠋ᠡᠨ ᠪᠠᠬᠠᠷᠬᠠᠵᠤ ᠠᠵᠢᠯᠯᠠᠵᠤ ᠶᠠᠪᠤᠭ᠎ᠠ ‍ᠳ᠋ᠥ ᠪᠠᠨ ᠮᠣᠩᠭᠤᠯ ᠰᠣᠶᠤᠯ ‍ᠳ᠋ᠥ ᠪᠠᠨ ᠬᠥᠲᠦᠯᠦᠭᠳᠡᠵᠦ ᠬᠡᠦᠬᠡᠳ ᠦ᠋ᠨ ᠰᠢᠯᠦᠭ《 ᠱᠠᠭᠠᠵᠠᠭᠠᠢ 》 ᠂ 《 ᠨᠣᠮ ᠲᠠᠢ ᠬᠡᠦᠬᠡᠳ ᠪᠣᠯᠤᠶ᠎ᠠ 》 ᠂ 《 ᠪᠣᠷᠤᠭᠠᠨ ᠣᠷᠤᠯ᠎ᠠ 》 ᠂ 《 ᠪᠢᠳᠡᠨ ‍ᠣ ᠪᠠᠶᠠᠰᠤᠯ 》 ᠂ 《 ᠠᠪᠤ ᠡᠵᠢ ‍ᠳ᠋ᠥ ᠪᠠᠨ ᠲᠠᠯᠠᠷᠬᠠᠶ᠎ᠠ 》 ᠂ 《 ᠰᠠᠨᠠᠯ᠎ᠠ ᠪᠢ 》 ᠂ 《 ᠨᠠᠮ ‍ᠳ᠋ᠥ ᠪᠠᠨ ᠡᠷᠭᠦᠬᠦ ᠤᠶᠠᠩᠭ᠎ᠠ 》 ᠵᠡᠷᠭᠡ ᠪᠦᠲᠦᠭᠡᠯ ᠢ᠋ᠶ᠋ᠡᠨ《 ᠥᠪᠦᠷ ᠮᠣᠩᠭᠤᠯ ᠤ᠋ᠨ ᠪᠠᠭᠠᠴᠤᠳ ᠤᠨ ᠰᠣᠨᠢᠨ 》 ‍ᠳ᠋ᠥ ᠨᠡᠢᠲᠡᠯᠡᠭᠳᠡᠵᠦ ᠂ ᠣᠳᠣ ᠤᠷᠠᠨ ᠵᠣᠬᠢᠶᠠᠯ ᠤ᠋ᠨ ᠵᠠᠮ ᠮᠥᠷ ᠢ᠋ ᠬᠠᠢᠨ ᠰᠦᠪᠡᠭᠴᠢᠯᠡᠵᠦ ᠰᠤᠷᠤᠯᠴᠠᠬᠤ ᠵᠠᠮ ‍ᠳ᠋ᠥ ᠪᠠᠨ ᠵᠢᠳᠭᠦᠵᠦ ᠪᠤᠢ ᠃