ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠠᠭᠠᠨᠯᠤᠤᠰ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠤᠤᠯ ᠤᠨ ᠨᠡᠷ᠎ᠡ ᠪᠠᠢ ᠯᠦᠩ ᠃ ᠪᠢᠷ ᠦ᠋ᠨ ᠨᠡᠷ᠎ᠡ ᠴᠠᠭᠠᠨᠯᠤᠤᠰ ᠃ 1971 ᠣᠨ ᠤ᠋11 ᠰᠠᠷ᠎ᠠ ᠶᠢᠨ5( ᠪᠢᠯᠢᠭ ᠦ᠋ᠨ ᠤᠯᠠᠷᠢᠯ ᠤᠨ ︶ ᠳ᠋ᠤ ᠲᠦᠰᠢᠶᠡᠲᠦ ᠬᠣᠰᠢᠭᠤᠨ ᠤ᠋ ᠪᠠᠵᠢᠯᠠᠭ᠎ᠠ ᠰᠤᠮᠤᠨ ᠳ᠋ᠤ᠌ ᠲᠥᠷᠦᠵᠦ ᠂ 1997 ᠣᠨ ᠳ᠋ᠤ᠌ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ  ᠶᠢᠨ ᠮᠣᠩᠭᠤᠯ ᠬᠡᠯᠡᠨ ᠦ᠌ ᠰᠠᠯᠪᠤᠷᠢ ᠶ᠋ᠢᠨ ᠵᠢᠩᠬᠢᠨᠢ ᠠᠩᠭᠢ ᠠ᠋ᠴᠠ ᠲᠡᠭᠦᠰᠴᠦ ᠂ ᠵᠠᠯᠠᠢᠳ ᠬᠣᠰᠢᠭᠤᠨ ᠤ᠋ ᠢᠨᠳᠡᠷ ᠬᠣᠶᠠᠳᠤᠭᠠᠷ ᠳᠤᠮᠳᠠᠳᠤ ᠰᠤᠷᠭᠠᠭᠤᠯᠢ ᠳ᠋ᠤ᠌ ᠮᠣᠩᠭᠤᠯ ᠬᠡᠯᠡᠨ ᠦ᠌ ᠪᠠᠭᠰᠢ ᠪᠡᠷ ᠠᠵᠢᠯ ᠭᠠᠷᠤᠭ᠎ᠠ ᠪᠠᠨ ᠠᠪᠴᠠᠢ ᠃ ᠣᠳᠣ ᠬᠣᠰᠢᠭᠤᠨ ᠤ᠋ ᠪᠠᠨ ᠤᠳᠭ᠎ᠠ ᠤᠷᠠᠯᠢᠭ ᠤᠨ ᠬᠢᠨ ᠬᠣᠯᠪᠤᠭ᠎ᠠ ᠶ᠋ᠢᠨ ᠨᠠᠷᠢᠨ ᠪᠢᠴᠢᠭ ᠦ᠋ᠨ ᠳᠠᠷᠤᠭ᠎ᠠ ᠪᠡᠷ ᠠᠵᠢᠯᠯᠠᠵᠤ ᠪᠤᠢ ᠃ ᠬᠣᠷᠢᠨ ᠵᠢᠯ ᠦ᠋ᠨ ᠲᠤᠷᠰᠢ ᠪᠢᠷ ᠲᠠᠯᠪᠢᠯ ᠦᠭᠡᠢ ᠪᠢᠴᠢᠨ ᠣᠷᠤᠯᠳᠤᠵᠤ ᠶᠠᠪᠤᠭᠠᠳ ᠂ 2004 ᠣᠨ ᠳ᠋ᠤ᠌ ᠨᠠᠢᠷᠠᠭᠤᠯᠤᠯ ᠤ᠋ᠨ ᠲᠡᠭᠦᠪᠦᠷᠢ《 ᠲᠡᠭᠦᠰᠦᠭᠰᠡᠨ ᠨᠠᠮᠤᠷ ᠤᠨ ᠰᠠᠯᠬᠢ》 ᠪᠠᠨ ᠬᠡᠪᠯᠡᠭᠦᠯᠵᠦ ᠂2006 ᠣᠨ ᠳ᠋ᠤ᠌《 ᠴᠠᠭᠠᠨᠯᠤᠤᠰ ᠤᠨ ᠰᠢᠯᠦᠭ ᠦ᠋ᠨ ᠰᠣᠩᠭᠤᠮᠠᠯ》  ᠢ᠋ᠶ᠋ᠡᠨ ᠬᠡᠪᠯᠡᠭᠦᠯᠵᠡᠢ ᠃ 2008 ᠣᠨ ᠳ᠋ᠤ᠌《 ᠴᠠᠭᠠᠨᠯᠤᠤᠰ ᠤᠨ ᠥᠭᠦᠯᠡᠯ ᠰᠢᠭᠦᠮᠵᠢ ᠵᠢᠨ ᠰᠣᠩᠭᠤᠮᠠᠯ》  ᠢ᠋ᠶ᠋ᠡᠨ ᠬᠡᠪᠯᠡᠭᠦᠯᠵᠦ ᠂ 2009 ᠣᠨ ᠳ᠋ᠤ᠌ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶᠠᠨ ‍ᠣ ᠨᠠᠢᠳᠠᠯᠭ᠎ᠠ ᠪᠠᠷ《 ᠳᠡᠭᠡᠳᠦ ᠳᠤᠮᠳᠠᠳᠤ ᠵᠢᠨ ᠮᠣᠩᠭᠤᠯ ᠬᠡᠯᠡᠨ ‍ᠣ ᠤᠯᠤᠰ ᠤᠨ ᠰᠢᠯᠭᠠᠯᠲᠠ ᠵᠢᠨ ᠦᠭᠡᠨ ᠰᠡᠳᠦᠪᠲᠦ ᠵᠣᠬᠢᠶᠠᠯ ᠢ᠋ ᠪᠢᠴᠢᠬᠦ ᠵᠢᠯᠤᠭᠤᠳᠤᠮᠵᠢ》 ᠭᠡᠬᠦ ᠭᠠᠷ ᠠᠪᠤᠯᠭ᠎ᠠ ᠵᠢᠨ ᠨᠣᠮ  ᠢ᠋ᠶ᠋ᠡᠨ ᠬᠡᠪᠯᠡᠭᠦᠯᠦᠭᠰᠡᠨ ᠪᠠᠢᠨ᠎ᠠ ᠃ 2016 ᠣᠨ ᠤ᠋ ᠨᠢᠭᠡ ᠰᠠᠷ᠎ᠠ ᠳ᠋ᠤ᠌ ᠬᠣᠶᠠᠳᠤᠭᠠᠷ ᠨᠠᠢᠷᠠᠭᠤᠯᠤᠯ ᠤ᠋ᠨ ᠲᠡᠭᠦᠪᠦᠷᠢ ︽ ᠬᠣᠷᠴᠢᠨ ᠳᠤᠷᠠᠳᠭᠠᠯ ︾ ᠨᠢ ᠳᠤᠮᠳᠠᠳᠤ ᠤᠯᠤᠰ ᠤᠨ ᠵᠣᠬᠢᠶᠠᠯᠴᠢᠳ ᠤ᠋ᠨ ᠡᠪᠯᠡᠯ ᠦ᠋ᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯ ᠪᠦᠲᠦᠭᠡᠯ ᠢ᠋ ᠲᠡᠳᠭᠦᠬᠦ ᠢᠨᠵᠧᠨᠧᠷᠢᠩ ‍ᠳ᠋ᠥ ᠰᠣᠩᠭᠤᠭᠳᠠᠵᠤ ᠂ ᠨᠠᠢ᠍ᠮᠠᠨ ᠰᠠᠷ᠎ᠠ ‍ᠳ᠋ᠥ ᠨᠢ ᠲᠤᠰ ᠨᠣᠮ ᠢ᠋ᠶ᠋ᠠᠨ ᠬᠡᠪᠯᠡᠭᠦᠯᠦᠨ ᠲᠠᠷᠬᠠᠭᠠᠵᠤ ᠂ ᠠᠷᠪᠠᠨ ᠰᠠᠷ᠎ᠠ ᠳ᠋ᠤ᠌ ᠨᠢ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠂ ᠥᠪᠦᠷ ᠮᠣᠩᠭᠤᠯ ᠤ᠋ᠨ ᠰᠢᠨ᠎ᠡ ᠤᠳᠭ᠎ᠠ ᠵᠣᠬᠢᠶᠠᠯ ᠰᠤᠳᠤᠯᠬᠤ ᠬᠤᠷᠠᠯᠳᠠᠢ ᠬᠠᠮᠲᠤᠷᠠᠵᠤ ᠂ ᠥᠪᠦᠷ ᠮᠣᠩᠭᠤᠯ ᠤ᠋ᠨ ᠶᠡᠬᠡ ᠰᠤᠷᠭᠠᠭᠤᠯᠢ  ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠳ᠋ᠤ᠌ ᠲᠡᠭᠦᠨ ᠦ᠌ ᠨᠠᠢᠷᠠᠭᠤᠯᠤᠯ ᠤ᠋ᠨ ᠵᠣᠬᠢᠶᠠᠯ ᠪᠠ ︽ ᠬᠣᠷᠴᠢᠨ ᠳᠤᠷᠠᠳᠭᠠᠯ ︾ ᠤᠨ ᠲᠤᠬᠠᠢ ᠰᠤᠳᠤᠯᠤᠨ ᠶᠠᠷᠢᠯᠴᠠᠬᠤ ᠬᠤᠷᠠᠯ ᠬᠢᠪᠡ ᠃ 2017 ᠣᠨ ᠳ᠋ᠤ᠌ ︽ ᠬᠣᠷᠴᠢᠨ ᠳᠤᠷᠠᠳᠭᠠᠯ ︾ ᠨᠣᠮ ᠨᠢ ᠥᠪᠡᠷᠲᠡᠭᠡᠨ ᠵᠠᠰᠠᠬᠤ ᠣᠷᠤᠨ ᠤ᠋ ︽ ᠲᠠᠪᠤ ᠨᠢᠭᠡ  ᠶᠢᠨ ᠢᠨᠵᠧᠨᠧᠷᠢᠩ ︾ ᠤᠨ ᠰᠢᠯᠢᠳᠡᠭ ᠨᠣᠮ ᠪᠦᠲᠦᠭᠡᠯ ᠦ᠋ᠨ ᠱᠠᠩ ᠲᠤᠰᠪᠠ ᠃ ᠣᠳᠣ ᠬᠢᠲᠠᠳ ᠢ᠋ ᠮᠣᠩᠭᠤᠯᠴᠢᠯᠠᠭᠰᠠᠨ ᠣᠷᠴᠢᠭᠤᠯᠭ᠎ᠠ ᠶ᠋ᠢᠨ ᠪᠦᠲᠦᠭᠡᠯ ᠪᠣᠯᠬᠤ ︽ ᠪᠠᠭᠠᠴᠤᠳ ᠤᠨ ᠠᠯᠳᠠᠷ ︾ ᠭᠡᠬᠦ ᠷᠣᠮᠠᠨ ᠪᠠ ᠤᠤᠭᠠᠨ ᠬᠢᠲᠠᠳ ᠨᠠᠢᠷᠠᠭᠤᠯᠤᠯ ᠤ᠋ᠨ ᠲᠡᠭᠦᠪᠦᠷᠢ ︽ ᠮᠢᠨᠤ ᠬᠣᠷᠴᠢᠨ ︾  ᠢᠶᠠᠨ ᠨᠢᠭᠡᠨᠲᠡ ᠬᠡᠪᠯᠡᠯ ᠳ᠋ᠦ᠍ ᠲᠤᠰᠢᠶᠠᠭᠠᠳ ᠪᠤᠢ ᠃2018 ᠣᠨ ᠤ᠋8 ᠰᠠᠷ᠎ᠠ ‍ᠳ᠋ᠥ ᠂ ︽ ᠮᠢᠨᠤ ᠬᠣᠷᠴᠢᠨ ︾ ᠨᠠᠢᠷᠠᠭᠤᠯᠤᠯ ᠤ᠋ᠨ ᠲᠡᠭᠦᠪᠦᠷᠢ ᠨᠢ ᠳᠤᠮᠳᠠᠳᠤ ᠤᠯᠤᠰ ᠤᠨ ᠵᠣᠬᠢᠶᠠᠯᠴᠢᠳ ᠤ᠋ᠨ ᠡᠪᠯᠡᠯ ᠦ᠋ᠨ ᠴᠥᠭᠡᠨ ᠲᠣᠭᠠᠲᠤ ᠦᠨᠳᠦᠰᠦᠲᠡᠨ ᠦ᠌ ᠣᠷᠴᠢᠭᠤᠯᠭ᠎ᠠ ᠶ᠋ᠢᠨ ᠵᠣᠬᠢᠶᠠᠯ ᠪᠦᠲᠦᠭᠡᠯ ᠢ᠋ ᠲᠡᠳᠭᠦᠬᠦ ᠢᠨᠵᠧᠨᠧᠷᠢᠩ ‍ᠳ᠋ᠥ ᠰᠣᠩᠭᠤᠭᠳᠠᠪᠠ ᠃ 2010 ᠣᠨ ᠠ᠋ᠴᠠ ᠵᠠᠯᠠᠢᠳ ᠬᠣᠰᠢᠭᠤᠨ ᠤ᠋《 ᠴᠤᠤᠯ ᠭᠣᠣᠯ》 ᠨᠡᠷᠡᠮᠵᠢᠲᠦ ᠮᠣᠩᠭᠤᠯ ᠤᠷᠠᠨ ᠵᠣᠬᠢᠶᠠᠯ ᠤ᠋ᠨ ᠤᠯᠠᠷᠢᠯ ᠤᠨ ᠰᠡᠳᠭᠦᠯ  ᠢ ᠡᠭᠦᠳᠦᠨ ᠡᠷᠬᠢᠯᠡᠵᠦ ᠂ ᠲᠠᠪᠤᠨ ᠵᠢᠯ ᠪᠠᠷᠢᠮᠲᠠᠯᠠᠭᠠᠳ ᠨᠢᠭᠡᠨᠲᠡ ᠠᠢᠮᠠᠭ ᠣᠷᠤᠨ ᠳ᠋ᠤ᠌ ᠨᠥᠯᠦᠭᠡ ᠲᠠᠢ ᠰᠡᠳᠭᠦᠯ ᠪᠣᠯᠭᠠᠨ ᠴᠢᠳᠠᠵᠠᠢ ᠃ 2004 ᠣᠨ ‍ᠳ᠋ᠥ ᠲᠡᠷᠡ《 ᠪᠥᠬᠦ ᠣᠷᠤᠨ ‍ᠣ ᠵᠢᠷᠭᠤᠳᠤᠭᠠᠷ ᠬᠤᠭᠤᠴᠠᠭᠠᠨ ‍ᠣ ᠵᠠᠯᠠᠭᠤ ᠰᠢᠨᠵᠢᠯᠡᠭᠡ ᠮᠡᠷᠭᠡᠵᠢᠯ ᠦ᠋ᠨ ᠵᠢᠱ᠌ᠢᠶᠡᠴᠢ ᠬᠤᠪᠢ ᠬᠥᠮᠦᠨ ︾  ᠢ᠋ᠶ᠋ᠡᠷ ᠴᠣᠯᠠᠯᠠᠭᠳᠠᠪᠠ ᠃ 2009 ᠣᠨ ᠳ᠋ᠤ᠌《 ᠬᠢᠩᠭᠠᠨ ᠠᠢᠮᠠᠭ ᠤ᠋ᠨ ᠮᠣᠩᠭᠤᠯ ᠬᠡᠯᠡ ᠦᠰᠦᠭ  ᠢ ᠰᠤᠷᠴᠤ ᠬᠡᠷᠡᠭᠯᠡᠭᠰᠡᠨ ᠰᠢᠯᠢᠳᠡᠭ ᠬᠤᠪᠢ ᠬᠥᠮᠦᠨ ︾  ᠢ᠋ᠶ᠋ᠡᠷ ᠬᠥᠬᠢᠭᠦᠯᠦᠭᠳᠡᠵᠦ ᠂ 2013 ᠣᠨ ᠳ᠋ᠤ᠌ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠦᠰᠦᠭ  ᠢ ᠰᠤᠷᠴᠤ ᠬᠡᠷᠡᠭᠯᠡᠭᠰᠡᠨ ᠰᠢᠯᠢᠳᠡᠭ ᠬᠤᠪᠢ ᠬᠥᠮᠦᠨ  ᠢ᠋ᠶ᠋ᠡᠷ ᠬᠥᠬᠢᠭᠦᠯᠦᠭᠳᠡᠪᠡ ᠃ 2013 ᠣᠨ ᠳ᠋ᠤ᠌ ᠯᠦ ᠰᠢᠶᠦ᠋ᠨ ᠤᠳᠭ᠎ᠠ ᠵᠣᠬᠢᠶᠠᠯ ᠤ᠋ᠨ ᠳᠡᠭᠡᠳᠦ ᠰᠤᠷᠭᠠᠭᠤᠯᠢ  ᠶᠢᠨ ᠳᠥᠷᠪᠡᠳᠦᠭᠡᠷ ᠬᠤᠭᠤᠴᠠᠭᠠᠨ ᠤ ᠴᠥᠭᠡᠨ ᠲᠣᠭᠠᠲᠤ ᠦᠨᠳᠦᠰᠦᠲᠡᠨ ᠦ᠌ ᠠᠩᠭᠢ ᠳ᠋ᠤ᠌ ᠰᠤᠷᠤᠯᠴᠠᠨ ᠲᠡᠭᠦᠰᠴᠦ ᠂ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠰᠤᠳᠤᠯᠭᠠᠨ ᠤ ᠨᠡᠢᠭᠡᠮᠯᠢᠭ ᠦ᠋ᠨ ᠭᠡᠰᠢᠭᠦᠨ ᠢ᠋ᠶ᠋ᠡᠷ ᠡᠯᠰᠡᠭᠳᠡᠪᠡ ᠃ 2013 ᠣᠨ ᠳ᠋ᠤ᠌ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠬᠣᠷᠢᠶ᠎ᠠ ᠪᠠ ᠥᠪᠦᠷ ᠮᠣᠩᠭᠤᠯ ᠤ᠋ᠨ ᠡᠳᠦᠷ ᠦ᠋ᠨ ᠰᠣᠨᠢᠨ ᠤ᠋ ᠬᠣᠷᠢᠶ᠎ᠠ ᠠ᠋ᠴᠠ ᠪᠦᠬᠦ ᠣᠷᠤᠨ ᠤ᠋ ᠠᠷᠪᠠᠨ ᠰᠢᠯᠢᠳᠡᠭ ᠵᠠᠯᠠᠭᠤ ᠵᠣᠬᠢᠶᠠᠯᠴᠢ ᠶ᠋ᠢᠨ ᠨᠢᠭᠡ ᠪᠡᠷ ᠦᠨᠡᠯᠡᠨ ᠰᠣᠩᠭᠤᠵᠤ ᠬᠥᠬᠢᠭᠦᠯᠵᠡᠢ ᠃ 2013 ᠣᠨ ᠳ᠋ᠤ᠌ ᠴᠥᠷᠭᠦᠯᠡᠭᠡ ᠨᠠᠢᠷᠠᠭᠤᠯᠤᠯ ︽ ᠬᠣᠷᠴᠢᠨ ᠳᠤᠷᠠᠳᠭᠠᠯ ︾ ᠨᠢ ᠪᠦᠬᠦ ᠤᠯᠤᠰ ᠤᠨ ᠮᠣᠩᠭᠤᠯ ᠰᠦᠯᠵᠢᠶᠡᠨ ᠦ᠌ ᠤᠷᠠᠨ ᠵᠣᠬᠢᠶᠠᠯ ᠤ᠋ᠨ ᠤᠷᠤᠯᠳᠤᠭᠠᠨ ᠤ ᠬᠣᠶᠠᠳᠤᠭᠠᠷ ᠲᠡᠰ ᠲᠦ᠍ ᠣᠷᠤᠵᠤ ᠱᠠᠩ ᠲᠤᠰᠪᠠ ᠃ 2014 ᠣᠨ ᠤ᠋ 6 ᠰᠠᠷ᠎ᠠ ᠳ᠋ᠤ᠌ ︽ ᠴᠠᠰᠤᠨ ᠭᠦᠩᠵᠦ ︾ ᠭᠡᠬᠦ ᠬᠡᠦᠬᠡᠳ ᠦ᠋ᠨ ᠥᠭᠦᠯᠡᠯᠭᠡ ᠨᠢ ᠪᠦᠬᠦ ᠣᠷᠤᠨ ᠤ᠋ ᠴᠣᠮᠣᠷᠯᠢᠭ ᠬᠤᠨᠳᠠᠭᠠᠲᠤ ᠬᠡᠦᠬᠡᠳ ᠦ᠋ᠨ ᠥᠭᠦᠯᠡᠯᠭᠡ ᠶ᠋ᠢᠨ ᠤᠷᠤᠯᠳᠤᠭᠠᠨ ᠤ ᠰᠢᠯᠢᠳᠡᠭ ᠵᠣᠬᠢᠶᠠᠯ ᠢ᠋ᠶ᠋ᠠᠷ ᠱᠠᠩᠨᠠᠭᠳᠠᠵᠠᠢ ᠃ 2014 ᠣᠨ ᠤ᠋ 10 ᠰᠠᠷ᠎ᠠ ᠳ᠋ᠤ᠌ ᠥᠭᠦᠯᠡᠯᠭᠡ ︽ ᠨᠣᠷᠪᠤ ᠶ᠋ᠢᠨ ᠵᠥᠷᠢᠭ ︾ ᠨᠢ ᠪᠦᠬᠦ ᠤᠯᠤᠰ ᠤᠨ ᠣᠩᠨᠢᠭᠤᠳ ᠬᠤᠨᠳᠠᠭᠠᠲᠤ ᠮᠣᠩᠭᠤᠯ ᠥᠭᠦᠯᠡᠯᠭᠡ ᠶ᠋ᠢᠨ ᠤᠷᠤᠯᠳᠤᠭᠠᠨ ᠳ᠋ᠤ᠌ ᠨᠢᠭᠡᠳᠦᠭᠡᠷ ᠲᠡᠰ ᠦ᠋ᠨ ᠱᠠᠩ ᠲᠤᠰᠴᠠᠢ ᠃ 2014 ᠣᠨ ᠳ᠋ᠤ᠌ ᠬᠢᠩᠭᠠᠨ ᠠᠢᠮᠠᠭ ᠤ᠋ᠨ ᠬᠣᠶᠠᠳᠤᠭᠠᠷ ᠬᠤᠭᠤᠴᠠᠭᠠᠨ ᠤ ᠤᠳᠭ᠎ᠠ ᠤᠷᠠᠯᠢᠭ ᠤᠨ ᠱᠠᠩᠨᠠᠯ ᠤᠨ ᠮᠣᠩᠭᠤᠯ ᠵᠣᠬᠢᠶᠠᠨ ᠪᠦᠲᠦᠭᠡᠯᠭᠡ ᠶ᠋ᠢᠨ ᠱᠠᠩ ᠲᠤᠰᠪᠠ ᠃2016 ᠣᠨ ᠳ᠋ᠤ᠌ ᠨᠠᠢᠷᠠᠭᠤᠯᠤᠯ ︽ ᠬᠠᠭᠤᠴᠢᠨ ᠲᠡᠷᠯᠢᠭ ᠪᠠ ᠡᠷᠢᠯ ︾ ᠨᠢ ︽ ᠥᠪᠦᠷ ᠮᠣᠩᠭᠤᠯ ᠤ᠋ᠨ ᠡᠮᠡᠭᠲᠡᠢᠴᠦᠳ ︾ ᠰᠡᠳᠭᠦᠯ ᠦ᠋ᠨ ᠡᠭᠦᠳᠦᠨ ᠡᠷᠭᠢᠯᠡᠭᠰᠡᠨ ᠪᠦᠬᠦ ᠤᠯᠤᠰ ᠤᠨ ᠭᠡᠷ ᠦ᠋ᠨ ᠰᠤᠷᠭᠠᠯ ᠤᠨ ᠰᠡᠳᠦᠪᠲᠦ ᠮᠣᠩᠭᠤᠯ ᠨᠠᠢᠷᠠᠭᠤᠯᠤᠯ ᠤ᠋ᠨ ᠤᠷᠤᠯᠳᠤᠭᠠᠨ ᠤ ᠭᠤᠷᠪᠠᠳᠤᠭᠠᠷ ᠳᠡᠰ ᠢ᠋ᠶ᠋ᠡᠷ ᠱᠠᠩᠨᠠᠭᠳᠠᠪᠠ ᠃ 2018 ᠣᠨ ᠤ᠋1 ᠰᠠᠷ᠎ᠠ ᠳ᠋ᠤ᠌ ᠥᠭᠦᠯᠡᠯᠭᠡ ︽ ᠥᠬᠢᠨ ᠳᠡᠭᠦᠦ ᠶ᠋ᠢᠨ ᠲᠣᠷᠭᠠᠨ ᠠᠯᠴᠢᠭᠤᠷ ︾ ᠭᠡᠬᠦ ᠥᠭᠦᠯᠡᠯᠭᠡ ᠨᠢ ᠥᠪᠦᠷ ᠮᠣᠩᠭᠤᠯ ᠤ᠋ᠨ ᠦᠨᠳᠦᠰᠦᠲᠡᠨ ᠦ᠌ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶᠠᠨ ᠠ᠋ᠴᠠ ᠶᠠᠪᠤᠭᠳᠠᠭᠤᠯᠤᠭᠰᠠᠨ ᠪᠦᠬᠦ ᠤᠯᠤᠰ ᠤᠨ ︽ ᠵᠠᠯᠠᠭᠤ ᠨᠠᠰᠤ ︾ ᠰᠡᠳᠦᠪᠲᠦ ᠭᠢᠯᠪᠢᠭᠡᠨ ᠥᠭᠦᠯᠡᠯᠭᠡ ᠶ᠋ᠢᠨ ᠤᠷᠤᠯᠳᠤᠭᠠᠨ ᠳ᠋ᠤ᠌ ᠬᠣᠶᠠᠳᠤᠭᠠᠷ ᠲᠡᠰ  ᠢ ᠲᠤᠰᠴᠤ ᠂ 2018 ᠣᠨ ᠤ᠋ 3 ᠰᠠᠷ᠎ᠠ ᠳ᠋ᠤ᠌ ᠲᠤᠭᠤᠵᠢ ︽ ᠵᠢᠷᠦᠬᠡᠨ ᠦ᠌ ᠡᠷᠢᠯ ︾ ᠨᠢ ︽ ᠴᠣᠯᠮᠤᠨ ᠰᠡᠳᠭᠦᠯ ︾ ᠡᠴᠡ ᠡᠷᠭᠢᠯᠡᠭᠰᠡᠨ ᠪᠦᠬᠦ ᠤᠯᠤᠰ ᠤᠨ ︽ ᠴᠣᠯᠮᠤᠨ ︾ ᠬᠤᠨᠳᠠᠭᠠᠲᠤ ᠲᠤᠭᠤᠵᠢᠰ ᠤᠨ ᠵᠣᠬᠢᠶᠠᠯ ᠤ᠋ᠨ ᠤᠷᠤᠯᠳᠤᠭᠠᠨ ᠤ ᠭᠤᠷᠪᠠᠳᠤᠭᠠᠷ ᠲᠡᠰ ᠦ᠋ᠨ ᠱᠠᠩ  ᠢ ᠲᠤᠰᠪᠠ ᠃2018 ᠣᠨ ᠤ᠋11 ᠰᠠᠷ᠎ᠠ ‍ᠳ᠋ᠥ ᠂ ᠥᠭᠦᠯᠡᠯᠭᠡ ︽ ᠨᠢᠭᠡ ᠭᠡᠷ ᠦ᠋ᠨ ᠬᠥᠮᠦᠰ ︾ ᠨᠢ ᠪᠦᠬᠦ ᠣᠷᠤᠨ ᠤ᠋ ᠭᠤᠷᠪᠠᠳᠤᠭᠠᠷ ᠬᠤᠭᠤᠴᠠᠭᠠᠨ ᠤ ᠬᠡᠦᠬᠡᠳ ᠦ᠋ᠨ ᠥᠭᠦᠯᠡᠯᠭᠡ ᠶ᠋ᠢᠨ ᠤᠷᠤᠯᠳᠤᠭᠠᠨ ᠤ ᠰᠢᠯᠢᠳᠡᠭ ᠲᠡᠰ ᠢ᠋ᠶ᠋ᠡᠷ ᠲᠣᠳᠤᠷᠠᠵᠠᠢ ᠃