ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠤᠶᠠᠨᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠤᠶᠠᠨᠲᠤ ᠂ ᠪᠢᠷ ‍ᠣᠨ ᠨᠡᠷ᠎ᠡ ᠤᠷᠢᠶᠠᠩᠬᠠᠢ ᠪᠤᠶᠠᠨᠲᠤ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠲᠦᠩᠯᠢᠶᠣᠤ ᠬᠣᠲᠠ ᠶ᠋ᠢᠨ ᠵᠣᠬᠢᠶᠠᠯᠴᠢᠳ ᠤ᠋ᠨ ᠡᠪᠯᠡᠯ ᠦ᠋ᠨ ᠬᠡᠷᠡᠭ ᠡᠷᠬᠢᠯᠡᠭᠴᠢ ᠂ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ᠋ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠨᠡᠢᠭᠡᠮᠯᠢᠭ ᠦ᠋ᠨ ᠳᠡᠳ᠋ ᠲᠡᠷᠢᠭᠦᠯᠡᠭᠴᠢ ᠃ ᠥᠪᠦᠷ ᠮᠣᠩᠭᠤᠯ ᠤ᠋ᠨ ᠶᠡᠬᠡ ᠰᠤᠷᠭᠠᠭᠤᠯᠢ  ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ  ᠶᠢᠨ ᠮᠣᠩᠭᠤᠯ ᠬᠡᠯᠡ ᠤᠳᠭ᠎ᠠ ᠵᠣᠬᠢᠶᠠᠯ ᠤ᠋ᠨ ᠮᠡᠷᠭᠡᠵᠢᠯ ᠦ᠋ᠨ ᠰᠤᠷᠤᠯᠭ᠎ᠠ  ᠶᠢᠨ ᠨᠠᠮᠲᠠᠷ ᠲᠠᠢ ᠂ ᠢᠷᠠᠭᠤ ᠨᠠᠢᠷᠠᠭ ᠂ ᠤᠷᠠᠨ ᠪᠢᠴᠢᠯᠭᠡ ᠭᠡᠳᠡᠭ ᠬᠤᠶᠠᠷ ᠭᠠᠷ ᠲᠠᠢ ᠵᠠᠯᠠᠭᠤ ᠤᠷᠠᠨ ᠪᠦᠲᠦᠭᠡᠯᠴᠢ ᠃ ᠪᠠᠭ᠎ᠠ ᠰᠤᠷᠭᠠᠭᠤᠯᠢ  ᠶᠢᠨ ᠥᠨᠳᠦᠷ ᠵᠡᠷᠭᠡ  ᠶᠢᠨ ᠪᠠᠭᠰᠢ  ᠶᠢᠨ ᠬᠢᠷᠢ ᠬᠡᠮ ᠲᠠᠢ ᠂ ᠣᠷᠤᠨ ‍ᠣ ᠳᠡᠰ ‍ᠣᠨ ᠵᠢᠭᠠᠨ ᠰᠤᠷᠭᠠᠬᠤ ᠴᠢᠳᠠᠪᠤᠷᠢᠲᠠᠨ ᠂ ᠣᠳᠣ ᠳᠠᠷᠬᠠᠨ ᠬᠣᠰᠢᠭᠤᠨ ‍ᠣ ᠱᠧᠪᠡᠷᠲᠦ ᠭᠣᠣᠯ ᠰᠤᠷᠭᠠᠭᠤᠯᠢ ‍ᠳ᠋ᠥ ᠪᠠᠭᠰᠢ  ᠶᠢᠨ ᠠᠯᠪᠠ ᠲᠠᠢ ᠃ ᠲᠦᠩᠯᠢᠶᠣᠤ ᠬᠣᠲᠠ ︵ ᠤᠤᠯ ᠤᠨ ᠵᠢᠷᠢᠮ ᠠᠢᠮᠠᠭ ︶ ᠵᠢᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ᠋ ᠬᠤᠸᠠᠬᠤᠰᠢᠭᠤ ᠰᠤᠮᠤ  ᠶᠢᠨ ‍ᠳ᠋ᠠ ᠾᠦᠸᠧ ᠹᠠᠩ ᠭᠠᠴᠠᠭ᠎ᠠ ᠨᠤᠲᠤᠭ ᠲᠠᠢ ᠃ ᠰᠢᠷ᠎ᠠ ᠮᠣᠷᠢᠨ ᠵᠢᠯ ︵ 1978 ᠣᠨ ︶ ᠤᠷᠢᠶᠠᠩᠬᠠᠢ ᠵᠢᠨ ᠱᠠᠨ ᠂ ᠯᠢᠩᠬᠤ᠎ᠠ ᠶ᠋ᠢᠨ ᠬᠣᠶᠠᠳᠤᠭᠠᠷ ᠨᠤᠭᠤᠨ ᠪᠣᠯᠵᠤ ᠵᠠᠶᠠᠭᠠᠵᠠᠢ ᠃ ︽ ᠡᠷᠲᠡ ᠰᠢᠷᠠᠯᠠᠭᠰᠠᠨ ᠨᠠᠪᠴᠢ ︾ ᠤᠤᠭᠠᠨ ᠰᠢᠯᠦᠭ ᠢ᠋ᠶ᠋ᠡᠨ ᠵᠢᠷᠢᠮ ᠦ᠋ᠨ ᠰᠣᠨᠢᠨ ᠤ᠋ 2004 ᠣᠨ ᠤ᠋ 2 ᠰᠠᠷ᠎ᠠ  ᠶᠢᠨ 7 ᠤ ᠬᠡᠪᠯᠡᠯ ᠳ᠋ᠦ᠍ ᠨᠡᠢᠲᠡᠯᠡᠭᠦᠯᠦᠭᠰᠡᠨ ᠡᠴᠡ ᠨᠠᠭᠠᠰᠢ ︽ ᠥᠨᠢᠷ ᠴᠡᠴᠡᠭ ︾ ᠂ ︽ ᠬᠤᠨ ᠭᠠᠯᠠᠭᠤ ︾ ᠂ ︽ ᠠᠯᠲᠠᠨ ᠭᠠᠨᠳᠠᠷᠢ ︾ ᠂ ︽ ᠬᠥᠯᠦᠨ ᠪᠤᠢᠷ ︾ ᠂ ︽ ᠴᠡᠴᠡᠭᠲᠦ ᠴᠠᠢᠳᠠᠮ ︾ ᠂ ︽ ᠴᠡᠯᠡᠭᠡᠷ ᠲᠠᠯ᠎ᠠ ︾ ᠂ ︽ ᠦᠦᠷ ᠦ᠋ᠨ ᠴᠣᠯᠮᠤᠨ ︾ ᠂ ︽ ᠨᠡᠢᠭᠡᠮ ︾ ᠂ ︽ ᠰᠢᠨᠵᠢᠯᠡᠬᠦ ᠤᠬᠠᠭᠠᠨ ᠠᠮᠢᠳᠤᠷᠠᠯ ︾ ᠂ ︽ ᠵᠢᠷᠢᠮ ᠦ᠋ᠨ ᠤᠷᠠᠨ ᠵᠣᠬᠢᠶᠠᠯ ︾ ᠂ ︽ ᠰᠢᠷ᠎ᠠ ᠮᠥᠷᠡᠨ ︾ ᠂ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠂ ︽ ᠪᠠᠶᠠᠨᠨᠠᠭᠤᠷ ‍ᠣᠨ ᠡᠳᠦᠷ ‍ᠣᠨ ᠰᠣᠨᠢᠨ ︾ ᠵᠡᠷᠭᠡ ᠣᠷᠤᠨ ᠤ᠋ ᠳᠣᠲᠤᠨ᠎ᠠ ᠭᠠᠳᠠᠨᠠᠬᠢ ᠠᠷᠪᠠᠭᠠᠳ ᠢᠯᠡᠭᠦᠦ ᠰᠣᠨᠢᠨ ᠰᠡᠳᠭᠦᠯ ᠳ᠋ᠦ᠍ ᠬᠤᠶᠠᠷ ᠵᠠᠭᠤ ᠭᠠᠷᠤᠢ ᠰᠢᠯᠦᠭ ᠵᠣᠬᠢᠶᠠᠯ ᠢ᠋ᠶ᠋ᠠᠨ ᠨᠡᠢᠲᠡᠯᠡᠭᠦᠯᠦᠨ ᠂ ︽ ᠵᠠᠯᠠᠭᠤ ᠨᠠᠰᠤ ︾ ᠂ ︽ ᠲᠠᠪᠤᠨ ᠰᠠᠷ᠎ᠠ  ᠶᠢᠨ ᠪᠣᠷᠤᠭᠠᠨ ︾ ᠬᠤᠶᠠᠷ ᠰᠢᠯᠦᠭ ᠨᠢ ᠮᠣᠩᠭᠤᠯ ᠤᠯᠤᠰ ᠤᠨ ︽ ᠤᠯᠠᠷᠢᠯ ᠪᠠ ᠵᠣᠬᠢᠶᠠᠯᠴᠢ ︾ ᠰᠡᠳᠭᠦᠯ ᠳ᠋ᠦ᠍ ᠺᠢᠷᠢᠯ ᠬᠡᠯᠡ ᠪᠡᠷ ᠣᠷᠴᠢᠭᠤᠯᠤᠨ ᠨᠡᠢᠲᠡᠯᠡᠭᠳᠡᠵᠡᠢ ᠃ 2016 ᠣᠨ ᠤ᠋ ᠪᠦᠬᠦ ᠣᠷᠤᠨ ᠤ᠋ ᠠᠩᠬᠠᠳᠤᠭᠠᠷ ᠬᠤᠭᠤᠴᠠᠭᠠᠨ ᠤ ︽ ᠲᠤᠯᠤᠭᠠᠨ ᠰᠡᠷᠪᠡᠭᠡ ︾ ᠢᠷᠠᠭᠤ ᠨᠠᠢᠷᠠᠭ ᠤ᠋ᠨ ᠨᠠᠭᠠᠳᠤᠮ ᠪᠠ 2017 ᠣᠨ ᠮᠣᠩᠭᠤᠯ ᠤᠯᠤᠰ ᠲᠤ ᠪᠣᠯᠤᠭᠰᠠᠨ ︽ ᠪᠣᠷᠵᠢᠭᠢᠳᠠᠢ ᠰᠡᠴᠡᠨ ︾ ᠢᠷᠠᠭᠤ ᠨᠠᠢᠷᠠᠭ ᠤ᠋ᠨ ᠨᠠᠭᠠᠳᠤᠮ ᠂ 2017 ᠣᠨ ᠤ᠋ ᠭᠤᠷᠪᠠᠳᠤᠭᠠᠷ ᠤᠳᠠᠭᠠᠨ ᠤ ︽ ᠴᠢᠩᠭᠢᠰ ᠦ᠋ᠨ ᠤᠯᠠᠭ᠎ᠠ ︾ ᠰᠦᠯᠵᠢᠶᠡᠨ ᠤᠷᠠᠨ ᠵᠣᠬᠢᠶᠠᠯ ᠤ᠋ᠨ ᠨᠠᠭᠠᠳᠤᠮ ᠂ 2018 ᠣᠨ ᠤ᠋ ᠬᠣᠶᠠᠳᠤᠭᠠᠷ ᠤᠳᠠᠭᠠᠨ ᠤ ︽ ᠥᠨᠢᠷ ᠴᠡᠴᠡᠭ ︾ ᠰᠦᠯᠵᠢᠶᠡᠨ ᠤᠷᠠᠨ ᠵᠣᠬᠢᠶᠠᠯ ᠤ᠋ᠨ ᠨᠠᠭᠠᠳᠤᠮ ᠳ᠋ᠤ᠌ ᠡᠩᠭᠡᠷ ᠢ᠋ᠶ᠋ᠡᠨ ᠮᠢᠯᠢᠶᠠᠯᠭᠠᠵᠤ ᠥᠩᠭᠡᠷᠡᠵᠡᠢ ᠃ ᠤᠤᠭᠠᠨ ᠰᠢᠯᠦᠭ ᠦ᠋ᠨ ᠲᠡᠭᠦᠪᠦᠷᠢ ︽ ᠭᠠᠭᠴᠠ ᠤᠯᠠᠭᠠᠨ ᠨᠠᠪᠴᠢ ︾ ᠪᠠᠨ 2018 ᠣᠨ ‍ᠣ 1 ᠰᠠᠷ᠎ᠠ ᠥᠪᠦᠷ ᠮᠣᠩᠭᠤᠯ ‍ᠣᠨ ᠪᠠᠭᠠᠴᠤᠳ ᠬᠡᠦᠬᠡᠳ ‍ᠣᠨ ᠬᠡᠪᠯᠡᠯ ‍ᠣᠨ ᠬᠣᠷᠢᠶᠠᠨ ᠠ᠋ᠴᠠ ᠬᠡᠪᠯᠡᠭᠦᠯᠵᠦ ᠂ ᠬᠣᠶᠠᠳᠤᠭᠠᠷ ᠰᠢᠯᠦᠭ ‍ᠣᠨ ᠲᠡᠭᠦᠪᠦᠷᠢ ︽ ᠰᠦᠲᠦ ᠮᠣᠳᠤ ︾ ᠨᠢ ᠲᠦᠩᠯᠢᠶᠣᠤ ᠬᠣᠲᠠ ᠶ᠋ᠢᠨ ᠰᠣᠶᠤᠯ ‍ᠣᠨ ᠰᠣᠳᠤᠨ ᠪᠦᠲᠦᠭᠡᠯ  ᠢ ᠲᠤᠰᠭᠠᠢ ᠲᠡᠳᠭᠦᠬᠦ ᠢᠨᠵᠧᠨᠧᠷᠢᠩ ‍ᠣᠨ ᠳᠡᠮᠵᠢᠯᠭᠡ  ᠶᠢ ᠬᠦᠷᠲᠡᠵᠦ ᠤᠳᠠᠯ ᠦᠭᠡᠢ ᠬᠡᠪᠯᠡᠭᠳᠡᠬᠦ ᠪᠡᠷ ᠪᠠᠢᠨ᠎ᠠ ᠃