ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠬᠦᠨᠡᠰᠦᠲᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠬᠦᠨᠡᠰᠦᠲᠦ ᠂ 1965 ᠣᠨ ‍ᠣ ᠠᠯᠳᠠᠨ ᠨᠠᠮᠤᠷ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ‍ᠣ ᠪᠠᠶᠠᠨᠨᠠᠭᠤᠷ ᠰᠤᠮᠤ  ᠶᠢᠨ ᠭᠦᠢᠯᠡᠰᠦᠲᠡᠢ ᠭᠠᠴᠠᠭᠠᠨ ‍ᠣ ᠰᠤᠷᠲᠠᠯ ‍ᠣᠨ ᠠᠢᠯ ‍ᠣᠨ ᠠᠷᠠᠳ ‍ᠣᠨ ᠪᠠᠭᠰᠢ ᠬᠡᠰᠢᠭ ‍ᠣᠨ ᠬᠥᠪᠡᠭᠦᠨ ᠨᠢ ᠪᠣᠯᠵᠤ ᠵᠠᠶᠠᠭᠠᠪᠠ ᠃ 1982 ᠣᠨ ‍ᠣ 7 ᠰᠠᠷ᠎ᠠ ‍ᠳ᠋ᠥ ᠬᠢᠩᠭᠠᠨ ‍ᠣ ᠪᠠᠭᠰᠢ  ᠶᠢᠨ ᠰᠤᠷᠭᠠᠭᠤᠯᠢ ᠠ᠋ᠴᠠ ᠲᠡᠭᠦᠰᠴᠦ ᠪᠠᠶᠠᠨᠬᠣᠰᠢᠭᠤ ᠬᠣᠶᠠᠳᠤᠭᠠᠷ ᠳᠤᠮᠳᠠᠳᠤ ᠰᠤᠷᠭᠠᠭᠤᠯᠢ ‍ᠳ᠋ᠥ ᠮᠣᠩᠭᠤᠯ ᠬᠡᠯᠡᠨ ‍ᠣ ᠪᠠᠭᠰᠢ ᠪᠡᠷ ᠠᠵᠢᠯ ‍ᠣᠨ ᠠᠩᠬᠠᠨ ‍ᠣ ᠭᠠᠷᠤᠭ᠎ᠠ ᠪᠡᠨ ᠠᠪᠴᠠᠢ ᠃ ︽ ᠥᠪᠦᠷ ᠮᠣᠩᠭᠤᠯ ‍ᠣᠨ ᠡᠳᠦᠷ ‍ᠣᠨ ᠰᠣᠨᠢᠨ ︾ ︽ ᠬᠤᠨ ᠭᠠᠯᠠᠭᠤ ︾ ︽ ᠵᠢᠷᠢᠮ ‍ᠣᠨ ᠤᠷᠠᠨ ᠵᠣᠬᠢᠶᠠᠯ ︾ ︽ ᠥᠨᠢᠷ ᠴᠡᠴᠡᠭ ︾ ᠁ ᠵᠡᠷᠭᠡ ᠰᠡᠳᠭᠦᠯ ᠳᠡᠭᠡᠷ᠎ᠡ ︽ ᠮᠢᠨᠤ ᠬᠣᠷᠴᠢᠨ ︾ ︽ ᠦᠷ ‍ᠣᠨ ᠬᠢᠷᠠᠭ᠎ᠠ ︾ ᠵᠡᠷᠭᠡ ᠥᠭᠡᠳᠡᠷᠬᠡᠭ ᠂ ᠢᠳᠡᠷᠬᠡᠭ ᠂ ᠥᠪᠡᠷᠮᠢᠴᠡ ᠣᠨᠴᠠᠯᠢᠭ ᠪᠦᠬᠦᠢ ᠵᠠᠭᠤ ᠭᠠᠷᠤᠢ ᠢᠷᠠᠭᠤ ᠨᠠᠢᠷᠠᠭ ᠢ᠋ᠶ᠋ᠠᠨ ᠨᠡᠢᠲᠡᠯᠡᠭᠦᠯᠵᠦ ᠪᠢᠯᠡ ᠃ 2005 ᠣᠨ ‍ᠣ ᠡᠬᠢ ᠪᠡᠷ ︽ ᠬᠠᠢᠷ᠎ᠠ ᠶ᠋ᠢᠨ ᠢᠲᠡᠭᠡᠯᠲᠦ ᠰᠠᠯᠬᠢ ︾ ᠬᠡᠮᠡᠬᠦ ᠠᠩᠬᠠᠨ ‍ᠣ ᠰᠢᠯᠦᠭ ‍ᠣᠨ ᠲᠡᠭᠦᠪᠦᠷᠢ ᠪᠠᠨ ᠬᠡᠪᠯᠡᠭᠦᠯᠪᠡ ᠃ ︽ ᠬᠥᠮᠦᠨ ‍ᠳ᠋ᠥ ᠬᠦᠰᠡᠯ ‍ᠣᠨ ᠲᠡᠭᠷᠢ ᠪᠠᠢᠳᠠᠭ ᠢ᠋ᠶ᠋ᠠᠷ ᠢ᠋ᠶ᠋ᠠᠨ ᠰᠡᠳᠭᠢᠯ ᠠᠭᠤᠳᠠᠮ ᠪᠠᠢᠳᠠᠭ ᠂ ᠬᠥᠮᠦᠨ ‍ᠳ᠋ᠥ ᠵᠣᠷᠢᠯ ‍ᠣᠨ ᠵᠠᠮ ᠪᠠᠢᠳᠠᠭ ᠢ᠋ᠶ᠋ᠠᠷ ᠢ᠋ᠶ᠋ᠠᠨ ᠰᠠᠨᠠᠭ᠎ᠠ ᠰᠠᠷᠠᠭᠤᠯ ᠪᠠᠢᠳᠠᠭ ︾ ᠭᠡᠵᠦ ᠲᠠᠩᠳᠠ ᠬᠡᠯᠡᠵᠦ ᠬᠢᠵᠦ ᠶᠠᠪᠤᠳᠠᠭ ᠬᠥᠮᠦᠨ ᠪᠣᠯ ᠲᠦᠰᠢᠶᠡᠲᠦ ᠶ᠋ᠢᠨ ᠰᠣᠳᠤᠨ ᠬᠥᠪᠡᠭᠦᠳ ‍ᠣᠨ ᠨᠢᠭᠡ ᠨᠢ ᠪᠣᠯᠬᠤ ᠬᠦᠨᠡᠰᠦᠲᠦ ᠨᠥᠬᠦᠷ ᠪᠣᠯᠬᠤ ᠶᠤᠮ ᠃ ᠲᠡᠭᠦᠨ ‍ᠣ ᠬᠦᠰᠡᠯ ‍ᠣᠨ ᠲᠡᠭᠷᠢ ᠨᠢ ᠮᠣᠩᠭᠤᠯ ᠰᠣᠶᠤᠯ ‍ᠣᠨ ᠠᠭᠤᠳᠠᠮ ᠬᠣᠷᠸ᠎ᠠ ᠪᠠᠨ ᠲᠡᠯᠡᠵᠦ ᠪᠠᠢᠳᠠᠭ ᠂ ᠲᠡᠭᠦᠨ ‍ᠣ ᠵᠣᠷᠢᠯ ‍ᠣᠨ ᠵᠠᠮ ᠨᠢ  ᠴᠦ ᠮᠣᠩᠭᠤᠯ ᠰᠣᠶᠤᠯ ‍ᠣᠨ ᠳᠡᠯᠭᠡᠷ ᠥᠷᠦᠴᠡᠨ ᠡᠴᠡ ᠰᠤᠨᠤᠯᠵᠠᠭᠰᠠᠨ ‍ᠳ᠋ᠠ ᠃ ᠲᠡᠭᠡᠬᠦ ᠪᠡᠷ ᠢ᠋ᠶ᠋ᠡᠨ ᠲᠡᠷᠡ ᠲᠦᠰᠢᠶᠡᠲᠦ ᠨᠤᠲᠤᠭ ᠰᠢᠭ ᠢ᠋ᠶ᠋ᠡᠨ ᠠᠭᠤᠳᠠᠮ ᠰᠠᠷᠠᠭᠤᠯ ᠥᠷᠦᠴᠡ ᠴᠡᠭᠡᠵᠢ ᠲᠠᠢ ᠂ ᠤᠬᠠᠭᠠᠨᠲᠤ ᠮᠣᠩᠭᠤᠯ ᠢ᠋ᠶ᠋ᠠᠨ ᠰᠣᠶᠤᠯᠵᠢᠭᠤᠯᠬᠤ ᠠᠯᠤᠰ ‍ᠣᠨ ᠪᠣᠳᠤᠯ ᠢ᠋ ᠡᠪᠦᠷᠯᠡᠨ ᠂ ᠰᠢᠷᠭᠠᠭᠤ ᠠᠵᠢᠯᠯᠠᠭᠰᠠᠨ ᠃ 2012 ᠣᠨ ‍ᠳ᠋ᠥ ᠠᠵᠢᠯ ‍ᠣᠨ ᠱᠠᠭᠠᠷᠳᠠᠯᠭ᠎ᠠ ᠪᠠᠷ ᠬᠣᠰᠢᠭᠤᠨ ‍ᠣ ᠰᠣᠶᠤᠯ ᠪᠡᠶ᠎ᠡ ᠲᠠᠮᠢᠷ ᠷᠠᠳᠢᠣ᠋ ᠲᠧᠯᠸᠢᠰ ᠲᠣᠪᠴᠢᠶᠠᠨ ‍ᠣ ᠳᠡᠳ᠋ ᠳᠠᠷᠤᠭ᠎ᠠ ᠂ ᠷᠠᠳᠢᠣ᠋ ᠲᠧᠯᠸᠢᠰ ᠬᠣᠷᠢᠶᠠᠨ ‍ᠣ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠪᠠ ᠃ ᠬᠢᠩᠭᠠᠨ ᠠᠢᠮᠠᠭ ‍ᠣᠨ ᠵᠣᠬᠢᠶᠠᠯᠴᠢᠳ ‍ᠣᠨ ᠨᠡᠢᠭᠡᠮᠯᠢᠭ ‍ᠣᠨ ᠳᠡᠳ᠋ ᠲᠡᠷᠢᠭᠦᠯᠡᠭᠴᠢ ᠂ ᠬᠢᠩᠭᠠᠨ ᠠᠢᠮᠠᠭ ‍ᠣᠨ ᠺᠢᠨᠣ᠋ ᠲᠧᠯᠸᠢᠰ ᠤᠷᠠᠯᠢᠭ ‍ᠣᠨ ᠨᠡᠢᠭᠡᠮᠯᠢᠭ ‍ᠣᠨ ᠳᠡᠳ᠋ ᠲᠡᠷᠢᠭᠦᠯᠡᠭᠴᠢ ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ‍ᠣ ᠵᠣᠬᠢᠶᠠᠯᠴᠢᠳ ‍ᠣᠨ ᠨᠡᠢᠭᠡᠮᠯᠢᠭ ‍ᠣᠨ ᠲᠡᠷᠢᠭᠦᠯᠡᠭᠴᠢ ᠵᠡᠷᠭᠡ ᠨᠡᠢᠭᠡᠮ ‍ᠣᠨ ᠲᠤᠰᠢᠶᠠᠯ ᠲᠠᠢ ᠃ 2014 ᠣᠨ ‍ᠳ᠋ᠥ ︽ ᠯᠦ᠍ ᠰᠢᠶᠦ᠋ᠨ ᠨᠡᠷᠡᠮᠵᠢᠲᠦ ᠤᠳᠭ᠎ᠠ ᠵᠣᠬᠢᠶᠠᠯ ‍ᠣᠨ ᠳᠡᠭᠡᠳᠦ ᠰᠤᠷᠭᠠᠭᠤᠯᠢ ᠶ᠋ᠢᠨ ᠴᠥᠭᠡᠨ ᠲᠣᠭᠠᠲᠤ ᠦᠨᠳᠦᠰᠦᠲᠡᠨ ‍ᠣ ᠵᠣᠬᠢᠶᠠᠯᠴᠢᠳ ‍ᠣᠨ ᠪᠣᠯᠪᠠᠰᠤᠷᠠᠯ ‍ᠣᠨ ᠠᠩᠭᠢ ︾ ‍ᠳ᠋ᠥ ᠰᠤᠷᠤᠯᠴᠠᠪᠠ ᠃ 2017 ᠣᠨ ‍ᠳ᠋ᠥ ︽ ᠠᠷᠪᠠᠨ ᠵᠢᠯ ‍ᠣᠨ ᠤᠯᠠ ᠮᠥᠷ ︾ ᠬᠡᠮᠡᠬᠦ ᠮᠡᠳᠡᠭᠡᠯᠡᠯ ‍ᠣᠨ ᠤᠷᠠᠨ ᠵᠣᠬᠢᠶᠠᠯ  ᠢᠶᠠᠷ  ᠢᠶᠠᠨ ᠥᠪᠡᠷᠲᠡᠭᠡᠨ ᠵᠠᠰᠠᠬᠤ ᠣᠷᠤᠨ ‍ᠣ ᠮᠡᠳᠡᠭᠡᠯᠡᠯ ‍ᠣᠨ ᠤᠷᠠᠨ ᠵᠣᠬᠢᠶᠠᠯ ‍ᠣᠨ ᠤᠷᠤᠯᠳᠤᠭᠠᠨ ‍ᠣ ᠲᠡᠷᠢᠭᠦᠨ ᠱᠠᠩ  ᠢ ᠲᠤᠰᠪᠠ ᠃ 2018 ᠣᠨ ‍ᠳ᠋ᠥ ︽ ᠠᠷᠪᠠᠨ ᠵᠢᠯ ‍ᠣᠨ ᠤᠯᠠ ᠮᠥᠷ ︾ ᠬᠡᠮᠡᠬᠦ ᠮᠡᠳᠡᠭᠡᠯᠡᠯ ‍ᠣᠨ ᠤᠷᠠᠨ ᠵᠣᠬᠢᠶᠠᠯ  ᠢᠶᠠᠷ  ᠢᠶᠠᠨ ᠥᠪᠡᠷᠲᠡᠭᠡᠨ ᠵᠠᠰᠠᠬᠤ ᠣᠷᠤᠨ ‍ᠣ ᠠᠷᠪᠠᠨ ᠬᠣᠶᠠᠳᠤᠭᠠᠷ ᠬᠤᠭᠤᠴᠠᠭᠠᠨ ‍ᠣ ︽ ᠰᠣᠯᠤᠩᠭ᠎ᠠ ︾ ᠱᠠᠩᠨᠠᠯ  ᠢ ᠬᠦᠷᠲᠡᠪᠡ ᠃ ᠰᠢᠷᠭᠠᠭᠤ ᠦᠢᠯᠡᠰᠴᠢᠨ ᠂ ᠰᠣᠳᠤᠨ ᠨᠠᠢᠷᠠᠭᠴᠢ ᠂ ᠰᠣᠶᠤᠯ ‍ᠣᠨ ᠵᠢᠳᠭᠦᠯᠲᠡᠨ ︱ ᠬᠦᠨᠡᠰᠦᠲᠦ ᠨᠥᠬᠦᠷ ‍ᠣᠨ ᠮᠣᠩᠭᠤᠯ ᠰᠣᠶᠤᠯ ᠤ᠋ᠨ ᠢ᠋ᠶ᠋ᠠᠨ ᠲᠥᠯᠦᠭᠡ ᠵᠢᠳᠭᠦᠨ ᠲᠡᠮᠡᠦᠯᠦᠭᠰᠡᠨ ᠡᠷᠡᠮᠡᠬᠡᠢ ᠠᠯᠬᠤᠭ᠎ᠠ ᠨᠢ ᠡᠭᠦᠷᠢᠳᠡ ᠵᠣᠭᠰᠤᠰᠢ ᠦᠭᠡᠢ ᠃