ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠣᠷᠵᠢᠭᠢᠨ ᠤᠯᠠᠭᠠᠨᠲᠤᠶᠠᠭ᠎ᠠ 

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠥᠨᠳᠦᠷ ᠰᠦᠷᠯᠢᠭ ᠪᠣᠭᠳᠠ ᠠᠭᠤᠯᠠ  ᠶᠢᠨ  ᠢᠶᠠᠨ ᠬᠣᠷᠮᠤᠢ ᠳ᠋ᠤ᠌ ᠂ ᠥᠷᠭᠡᠨ ᠶᠡᠬᠡ ᠴᠤᠤᠯ ᠭᠣᠣᠯ ‍ᠣᠨ  ᠢᠶᠠᠨ ᠳᠡᠨᠵᠢᠨ ᠳ᠋ᠦ᠍ ᠂ ᠵᠢᠷᠤᠭ ᠰᠢᠯᠦᠭ ᠰᠢᠭ᠋ ᠭᠣᠶᠤᠬᠠᠨ ᠨᠤᠲᠤᠭ ‍ᠣᠨ  ᠢᠶᠠᠨ ᠡᠵᠡᠨ ᠨᠢ ᠭᠡᠵᠦ ᠪᠠᠶᠠᠰᠴᠤ ᠂ ᠨᠠᠰᠤᠨ ‍ᠣ ᠰᠠᠢᠬᠠᠨ ᠰᠢᠯᠦᠭᠯᠢᠭ ᠦᠶ᠎ᠡ ᠪᠡᠨ ᠨᠠᠢᠷᠠᠭ ‍ᠣᠨ ᠰᠠᠢᠬᠠᠨ ᠮᠣᠩᠭᠤᠯ ᠰᠢᠯᠦᠭ ᠨᠠᠢᠷᠠᠭ ᠢ᠋ᠶ᠋ᠠᠷ ᠢ᠋ᠶ᠋ᠠᠨ ᠡᠪᠬᠡᠵᠦ ᠶᠠᠪᠤᠭ᠎ᠠ ᠵᠠᠯᠠᠭᠤ ᠵᠣᠬᠢᠶᠠᠯᠴᠢ ᠪᠣᠷᠵᠢᠭᠢᠨ ᠤᠯᠠᠭᠠᠨᠲᠤᠶᠠᠭ᠎ᠠ ᠪᠣᠯ 1975 ᠣᠨ ‍ᠣ 3 ᠰᠠᠷ᠎ᠠ ‍ᠳ᠋ᠥ ᠬᠢᠩᠭᠠᠨ ᠠᠢᠮᠠᠭ ‍ᠣᠨ ᠵᠠᠯᠠᠢᠳ ᠬᠣᠰᠢᠭᠤᠨ ‍ᠣ ᠪᠠᠶᠡᠬᠤᠯᠠᠭᠠᠨ ᠰᠤᠮᠤ  ᠶᠢᠨ ᠪᠠᠢ ᠰᠦᠸᠧ ᠪᠣᠯᠤᠨ ᠬᠣᠣᠰᠬᠤᠸᠠᠷ ‍ᠣᠨ ᠤᠤᠭᠠᠨ ᠥᠬᠢᠨ ᠪᠣᠯᠤᠨ ᠵᠠᠶᠠᠭᠠᠵᠠᠢ ᠃ 1997 ᠣᠨ ᠳ᠋ᠤ᠌ ᠥᠪᠦᠷ ᠮᠣᠩᠭᠤᠯ ‍ᠣᠨ ᠶᠡᠬᠡ ᠰᠤᠷᠭᠠᠭᠤᠯᠢ  ᠶᠢᠨ ᠬᠠᠤᠯᠢ ᠴᠠᠭᠠᠵᠠ  ᠶᠢᠨ ᠰᠠᠯᠪᠤᠷᠢ ᠪᠡᠷ ᠲᠡᠭᠦᠰᠴᠦ ᠦᠢᠯᠡᠰ ᠬᠦᠰᠡᠯ ‍ᠣᠨ ᠬᠥᠭᠡᠭᠡᠴᠡᠯᠳᠦᠯ ᠂ ᠬᠤᠪᠢ ᠵᠠᠶᠠᠭᠠᠨ ‍ᠣ ᠲᠣᠬᠢᠷᠠᠭᠤᠯᠤᠯᠲᠠ ᠳ᠋ᠤ᠌ ᠪᠠᠭᠰᠢ  ᠶᠢᠨ ᠠᠯᠪᠠ  ᠶᠢ ᠡᠯᠭᠦᠨ ᠠᠪᠴᠤ ᠂ ᠥᠨᠥ ᠬᠢᠩᠭᠠᠨ ᠠᠢᠮᠠᠭ ‍ᠣᠨ ᠵᠠᠯᠠᠢᠳ ᠬᠣᠰᠢᠭᠤᠨ ‍ᠣ ᠢᠨᠳᠡᠷ ᠬᠣᠶᠠᠳᠤᠭᠠᠷ ᠪᠠᠭ᠎ᠠ ᠰᠤᠷᠭᠠᠭᠤᠯᠢ ᠳ᠋ᠠᠭᠠᠨ ᠥᠩᠭᠡ ᠭᠡᠷᠡᠯᠲᠡᠢ ᠠᠷᠠᠳ ‍ᠣᠨ ᠪᠠᠭᠰᠢ  ᠶᠢᠨ ᠠᠵᠢᠯ ᠲᠠᠢ ᠂ ᠰᠤᠷᠭᠠᠭᠤᠯᠢ  ᠶᠢᠨ  ᠢᠶᠠᠨ ᠴᠢᠮᠡᠭᠡᠯᠡᠭᠴᠢ  ᠶᠢᠨ ᠠᠵᠢᠯ ᠳ᠋ᠠᠭᠠᠨ ᠭᠢᠯᠠᠷᠠᠭᠤᠯᠵᠤ ᠶᠠᠪᠤᠭ᠎ᠠ ᠲᠡᠷᠡ ᠠᠵᠢᠯ ᠳ᠋ᠠᠭᠠᠨ ᠬᠠᠷᠢᠭᠤᠴᠠᠯᠭ᠎ᠠ ᠲᠠᠢ  ᠠᠴᠠ ᠵᠢᠯ ᠪᠦᠷᠢ  ᠶᠢᠨ ᠬᠣᠰᠢᠭᠤᠨ ‍ᠣ ᠂ ᠠᠢᠮᠠᠭ ‍ᠣᠨ ᠰᠢᠯᠢᠳᠡᠭ ᠴᠢᠮᠡᠭᠡᠯᠡᠭᠴᠢ ᠪᠡᠷ ᠰᠣᠩᠭᠤᠭᠳᠠᠳᠠᠭ ᠃ ᠥᠪᠦᠷ ᠮᠣᠩᠭᠤᠯ ‍ᠣᠨ ᠭᠡᠷᠡᠯ ᠵᠢᠷᠤᠭ ‍ᠣᠨ ᠨᠡᠢᠭᠡᠮᠯᠢᠭ ‍ᠣᠨ ᠭᠡᠰᠢᠭᠦᠨ ᠂ ᠵᠠᠯᠠᠢᠳ ᠬᠣᠰᠢᠭᠤᠨ ‍ᠣ ᠵᠣᠬᠢᠶᠠᠯᠴᠢᠳ ‍ᠣᠨ ᠨᠡᠢᠭᠡᠮᠯᠢᠭ ‍ᠣᠨ ᠬᠡᠷᠡᠭ ᠡᠷᠬᠢᠯᠡᠭᠴᠢ ᠂ ᠬᠢᠩᠭᠠᠨ ᠠᠢᠮᠠᠭ ᠂ ᠥᠪᠦᠷ ᠮᠣᠩᠭᠤᠯ ‍ᠣᠨ ᠵᠣᠬᠢᠶᠠᠯᠴᠢᠳ ‍ᠣᠨ ᠨᠡᠢᠭᠡᠮᠯᠢᠭ ‍ᠣᠨ ᠭᠡᠰᠢᠭᠦᠨ ᠂ ᠥᠪᠦᠷ ᠮᠣᠩᠭᠤᠯ ‍ᠣᠨ ᠰᠢᠨ᠎ᠡ ᠤᠳᠭ᠎ᠠ ᠵᠣᠬᠢᠶᠠᠯ ᠰᠤᠳᠤᠯᠬᠤ ᠬᠤᠷᠠᠯᠳᠠᠢ  ᠶᠢᠨ ᠬᠡᠷᠡᠭ ᠡᠷᠬᠢᠯᠡᠭᠴᠢ ᠂ ᠪᠦᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ‍ᠣ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂  ᠬᠣᠷᠢᠨ ᠨᠢᠭᠡᠳᠦᠭᠡᠷ ᠬᠤᠭᠤᠴᠠᠭᠠᠨ ‍ᠣ ᠪᠡᠭᠡᠵᠢᠩ ᠦ᠋ᠨ ᠯᠦ ᠰᠢᠶᠦ᠋ᠨ ᠤᠳᠭ᠎ᠠ ᠵᠣᠬᠢᠶᠠᠯ ᠤ᠋ᠨ ᠠᠩᠭᠢ ᠶ᠋ᠢᠨ ᠰᠤᠷᠤᠭᠴᠢ ᠂ ᠤᠳᠭ᠎ᠠ ᠰᠣᠶᠤᠯ ᠳ᠋ᠠᠭᠠᠨ ᠳᠤᠷ᠎ᠠ ᠪᠠᠬᠠᠲᠠᠢ ᠲᠡᠷᠡ ᠥᠪᠡᠷ ᠪᠢ ᠭᠡᠰᠡᠨ ᠣᠨᠴᠠᠯᠢᠭ ᠲᠠᠢ ᠤᠷᠠᠨ ᠵᠣᠬᠢᠶᠠᠯ ‍ᠣᠨ ᠮᠥᠷ ᠢ᠋ᠶ᠋ᠡᠨ ᠬᠠᠯᠠᠰᠢᠷᠠᠯ ᠦᠭᠡᠢ ᠡᠷᠢᠯᠬᠢᠯᠡᠵᠦ ᠈ ᠰᠠᠨᠠᠭᠠᠨ ‍ᠣ ᠭᠦᠨ ᠥᠩᠭᠡ ᠪᠤᠳᠤᠭ ᠲᠠᠢ ᠈ ᠰᠠᠷᠠᠭᠤᠯ ᠴᠡᠭᠡᠯᠬᠡᠨ ᠰᠢᠯᠦᠭ ᠨᠠᠢᠷᠠᠭᠤᠯᠤᠯ ᠢ᠋ᠶ᠋ᠠᠷ ᠢ᠋ᠶ᠋ᠠᠨ ᠤᠯᠠᠨ ᠪᠦᠭᠦᠳᠡ ‍ᠳ᠋ᠡᠭᠡᠨ ᠲᠠᠨᠢᠭᠳᠠᠵᠤ ᠂ ᠤᠯᠠᠨ ᠪᠦᠭᠦᠳᠡ ᠶ᠋ᠢᠨ ᠢ᠋ᠶ᠋ᠡᠨ ᠲᠠᠭᠠᠰᠢᠶᠠᠯ  ᠢ ᠬᠦᠷᠲᠡᠵᠦ ᠶᠠᠪᠤᠨ᠎ᠠ ᠃ ᠲᠡᠭᠦᠨ ‍ᠣ ᠪᠢᠴᠢᠭᠰᠡᠨ ᠪᠦᠲᠦᠭᠡᠯ ︿ ︿ ᠥᠬᠢᠨ ‍ᠳ᠋ᠡᠭᠡᠨ ᠪᠢᠴᠢᠭᠰᠡᠨ ᠰᠢᠯᠦᠭ ﹀ ﹀ ᠂︿ ︿ ᠬᠠᠢᠷ᠎ᠠ ᠶ᠋ᠢᠨ ᠳᠠᠭᠤᠤ ᠲᠠᠢ ᠪᠣᠷᠤᠭᠠᠨ ﹀ ﹀ ᠂ ︿ ︿ ᠬᠡᠦᠬᠡᠨ ‍ᠣ ᠮᠢᠨᠢ ᠢᠨᠢᠶᠡᠳᠦ ᠰᠠᠢᠬᠠᠨ ﹀ ﹀ ᠂ ︿ ︿ ᠥᠨᠥᠳᠦᠷ ‍ᠣᠨ ᠶᠠᠭᠤ ᠪᠦᠬᠦᠨ ᠢ᠋ᠶ᠋ᠡᠨ ᠬᠠᠢᠷᠠᠯᠠᠵᠤ ᠶᠠᠪᠤᠭᠠᠰᠠᠢ ﹀ ﹀ ᠂ ︿ ︿ ᠮᠣᠩᠭᠤᠯ ᠪᠦᠰᠡᠭᠦᠢᠴᠦᠳ ᠢ᠋ᠶ᠋ᠡᠨ ᠬᠠᠢᠷᠠᠯᠠᠵᠤ ᠶᠠᠪᠤᠭᠠᠰᠠᠢ ﹀ ﹀ ᠵᠡᠷᠭᠡ ᠪᠦᠲᠦᠭᠡᠯ ᠨᠢ ︿ ︿ ᠴᠣᠮᠣᠷᠯᠢᠭ ﹀ ﹀ ᠈ ︿ ︿ ᠨᠠᠬᠢᠶ᠎ᠠ ﹀ ﹀ ᠂︿ ︿ ᠠᠯᠳᠠᠨ ᠬᠢᠩᠭᠠᠨ ﹀ ﹀ ᠂ ︿ ︿ ᠬᠢᠩᠭᠠᠨ ‍ᠣ ᠡᠳᠦᠷ ‍ᠣᠨ ᠰᠣᠨᠢᠨ ﹀ ﹀ ᠂ ︿ ︿ ᠥᠪᠦᠷ ᠮᠣᠩᠭᠤᠯ ‍ᠣᠨ ᠡᠳᠦᠷ ‍ᠣᠨ ᠰᠣᠨᠢᠨ ﹀ ﹀ ᠂ ︿ ︿ ᠥᠪᠦᠷ ᠮᠣᠩᠭᠤᠯ ‍ᠣᠨ ᠵᠠᠯᠠᠭᠤᠴᠤᠳ ﹀ ﹀ ᠂ ︿ ︿ ᠥᠪᠦᠷ ᠮᠣᠩᠭᠤᠯ ‍ᠣᠨ ᠡᠮᠡᠭᠲᠡᠢᠴᠦᠳ ﹀ ﹀ ᠂ ︿ ︿ ᠥᠨᠢᠷ ᠴᠡᠴᠡᠭ ﹀ ﹀ ᠰᠢᠨᠵᠢᠶᠠᠩ ‍ᠣᠨ ︿ ︿ ᠪᠠᠶᠠᠨᠭᠣᠣᠯ ﹀ ﹀ ᠰᠡᠳᠭᠦᠯ ᠂ ︿ ︿ ᠵᠢᠷᠢᠮ ‍ᠣᠨ ᠤᠷᠠᠨ ᠵᠣᠬᠢᠶᠠᠯ ﹀ ﹀ ᠂ ︿ ︿ ᠠᠵᠢᠨᠠᠢ ᠬᠦᠯᠦᠭ ﹀ ﹀ ᠂︿ ︿ ᠰᠢᠷ᠎ᠠ ᠮᠥᠷᠡᠨ ﹀ ﹀ ᠂ ᠰᠢᠯᠢ  ᠶᠢᠨ ᠭᠣᠣᠯ ‍ᠣᠨ ︿ ︿ ᠡᠵᠢ ᠨᠠᠭᠤᠷ ﹀ ﹀ ᠵᠡᠷᠭᠡ ᠣᠷᠤᠨ ‍ᠣ ᠳᠣᠲᠤᠨ᠎ᠠ ᠭᠠᠳᠠᠨᠠᠬᠢ ᠰᠡᠳᠭᠦᠯ ᠳ᠋ᠦ᠍ ᠬᠤᠶᠠᠷ ᠵᠠᠭᠤ ᠭᠠᠷᠤᠢ ᠰᠢᠯᠦᠭ ᠂ ᠨᠠᠢᠷᠠᠭᠤᠯᠤᠯ ᠈ ᠥᠭᠦᠯᠡᠯᠭᠡ ᠪᠡᠨ ᠨᠡᠢᠲᠡᠯᠡᠭᠦᠯᠬᠦ ᠶ᠋ᠢᠨ ᠬᠠᠮᠲᠤ ᠲᠡᠭᠦᠨ ‍ᠣ ᠪᠦᠲᠦᠭᠡᠯ ᠨᠢ ᠥᠪᠦᠷ ᠮᠣᠩᠭᠤᠯ ‍ᠣᠨ ᠪᠦᠰᠡᠭᠦᠢ ᠵᠣᠬᠢᠶᠠᠯᠴᠢ ᠶ᠋ᠢᠨ ᠰᠢᠯᠦᠭ ‍ᠣᠨ ᠲᠡᠭᠦᠪᠦᠷᠢ ᠳ᠋ᠦ᠍ ᠰᠣᠩᠭᠤᠭᠳᠠᠨ ᠣᠷᠤᠵᠠᠢ ᠉2018 ᠣᠨ ‍ᠣ 3 ᠰᠠᠷ᠎ᠠ ᠳ᠋ᠤ᠌ ᠥᠪᠦᠷ ᠮᠣᠩᠭᠤᠯ ᠣᠳᠤᠨ ᠲᠧᠯᠸᠢᠰ ‍ᠣᠨ ︿ ︿ ᠰᠣᠶᠤᠯ ᠡᠷᠳᠡᠨᠢ ﹀ ﹀ ᠳᠡᠯᠭᠡᠴᠡ ᠶ᠋ᠢᠨ ᠲᠤᠰᠭᠠᠢ ᠰᠤᠷᠪᠤᠯᠵᠢᠯᠠᠭ᠎ᠠ  ᠶᠢ ᠬᠦᠯᠢᠶᠡᠵᠡᠢ ᠃ ︿ ︿ ᠴᠢᠩᠭᠢᠰ ᠰᠦᠯᠵᠢᠶ᠎ᠡ ﹀ ﹀ ᠪᠡ ︿ ︿ ᠬᠣᠯᠪᠤᠭ᠎ᠠ ᠰᠦᠯᠵᠢᠶ᠎ᠡ ﹀ ﹀ ᠂ ︿ ︿ ᠨᠡᠷᠡᠲᠦ ᠮᠣᠩᠭᠤᠯ ﹀ ﹀ ᠪᠡ ︿ ︿ ᠮᠥᠩᠬᠡ ᠶ᠋ᠢᠨ ᠭᠠᠯ ᠰᠣᠶᠤᠯ ᠵᠠᠭᠤᠴᠢ ﹀ ﹀ ᠂ ︿ ︿ ᠠᠯᠳᠠᠨ ᠬᠢᠩᠭᠠᠨ ﹀ ﹀ ᠵᠡᠷᠭᠡ ᠸᠢᠴᠠᠲ ᠤ᠋ᠨ ᠲᠠᠪᠴᠠᠩ ᠳᠡᠭᠡᠷ᠎ᠡ ᠴᠢᠨᠠᠷᠵᠢᠭᠤᠨ ᠪᠥᠭᠡᠳ ᠤᠯᠠᠨ ᠪᠦᠲᠦᠭᠡᠯ ᠢ᠋ᠶ᠋ᠡᠷ ᠢ᠋ᠶ᠋ᠡᠨ ᠤᠩᠰᠢᠭᠴᠢ ᠲᠦᠮᠡᠨ ‍ᠣ ᠤᠯᠠᠨ ᠲᠠᠭᠠᠰᠢᠶᠠᠯ  ᠢ ᠣᠯᠵᠤ ᠬᠠᠮᠤᠭ ᠤᠨ ᠬᠦᠷᠢᠶᠡᠯᠡᠯ ᠲᠠᠢ ᠲᠣᠣᠷ ᠰᠦᠯᠵᠢᠶ᠎ᠡ  ᠶᠢᠨ ᠵᠣᠬᠢᠶᠠᠯᠴᠢ ᠪᠡᠷ ᠦᠨᠡᠯᠡᠭᠳᠡᠵᠦ ᠶᠠᠪᠤᠨ᠎ᠠ ᠃ ᠴᠢᠷᠮᠠᠢᠯᠭ᠎ᠠ ᠬᠥᠮᠦᠨ ᠢ᠋ ᠭᠣᠮᠤᠳᠠᠭᠠᠳᠠᠭ ᠦᠭᠡᠢ ᠭᠡᠳᠡᠭ ᠢ᠋ᠶ᠋ᠡᠷ ᠤᠳᠭ᠎ᠠ ᠵᠣᠬᠢᠶᠠᠯ ᠭᠡᠳᠡᠭ ᠬᠠᠢᠷᠠᠲᠠᠢ ᠬᠦᠰᠡᠯ ‍ᠳ᠋ᠡᠭᠡᠨ ᠬᠦᠴᠦ ᠬᠥᠯᠦᠰᠦ ᠪᠡᠨ ᠰᠢᠪᠬᠠᠨ ᠂ ᠨᠣᠮ ᠲᠠᠢ ᠨᠥᠬᠦᠷᠯᠡᠵᠦ ᠈ ᠡᠷᠳᠡᠮᠲᠡᠨ ᠪᠠᠭᠰᠢ ᠨᠠᠷ ᠠ᠋ᠴᠠ ᠪᠡᠨ ᠳ᠋ᠡᠭᠡᠨ ᠰᠤᠷᠤᠯᠴᠠᠵᠤ ᠭᠠᠨᠵᠤᠭ᠎ᠠ ᠳᠦᠭᠦᠷᠡᠩ ᠶᠠᠪᠤᠨ᠎ᠠ ᠃ 2013 ᠣᠨ ᠳ᠋ᠤ᠌ ᠪᠦᠬᠦ ᠤᠯᠤᠰ ‍ᠣᠨ ᠪᠢᠴᠢᠬᠠᠨ ᠵᠣᠬᠢᠶᠠᠯᠴᠢ ᠶ᠋ᠢᠨ ᠰᠢᠯᠢᠳᠡᠭ ᠵᠢᠯᠤᠭᠤᠳᠤᠭᠴᠢ ᠪᠠᠭᠰᠢ ᠪᠡᠷ ᠦᠨᠡᠯᠡᠭᠳᠡᠵᠦ ᠂ 2015 ᠣᠨ ‍ᠣ ᠤᠯᠠᠭᠠᠨᠬᠠᠳᠠ ᠬᠤᠳᠠ  ᠶᠢᠨ ︿ ︿ ᠴᠢᠩᠭᠢᠰ ‍ᠣᠨ ᠤᠯᠠᠭ᠎ᠠ ﹀ ﹀ ᠨᠡᠷᠡᠮᠵᠢᠲᠦ ᠰᠦᠯᠵᠢᠶᠡᠨ ᠤᠷᠠᠨ ᠵᠣᠬᠢᠶᠠᠯ ‍ᠣᠨ ᠤᠷᠤᠯᠳᠤᠭᠠᠨ ᠳ᠋ᠤ᠌ ︿ ︿ ᠥᠨᠥᠳᠦᠷ ‍ᠣᠨ ᠶᠠᠭᠤ ᠪᠦᠬᠦᠨ ᠢ᠋ᠶ᠋ᠡᠨ ᠬᠠᠢᠷᠠᠯᠠᠵᠤ ᠠᠮᠢᠳᠤᠷᠠᠭᠠᠰᠠᠢ ﹀ ﹀ ᠭᠡᠰᠡᠨ ᠨᠠᠢᠷᠠᠭᠤᠯᠤᠯ ᠨᠢ ᠰᠢᠯᠢᠳᠡᠭ ᠲᠡᠰ ᠲᠦ᠍ ᠣᠷᠤᠵᠤ ᠂ 2015 ᠣᠨ ‍ᠣ ᠪᠦᠬᠦ ᠤᠯᠤᠰ ᠤᠨ ︽ ᠰᠦ᠋ ᠲᠠᠢ ᠪᠤᠷᠬᠠᠨ ︾ ᠡᠵᠢ ᠳ᠋ᠦ᠍ ᠪᠠᠨ ᠪᠢᠴᠢᠭᠰᠡᠨ ᠢᠯᠡ ᠵᠠᠬᠢᠳᠠᠯ ᠤᠨ ᠲᠧᠯᠸᠢᠰ ᠱᠠᠩᠨᠠᠯᠲᠤ ᠤᠷᠤᠯᠳᠤᠭᠠᠨ ᠳ᠋ᠤ᠌ ᠰᠢᠯᠢᠳᠡᠭ ‍ᠣᠨ ᠰᠢᠯᠢᠳᠡᠭ  ᠠᠷᠪᠡᠨ ᠵᠢᠷᠭᠤᠭᠠᠨ ᠨᠡᠷᠡᠰ ᠲᠦ᠍ ᠣᠷᠤᠵᠤ ᠂ ᠠᠢᠮᠠᠭ ᠢ᠋ᠶ᠋ᠠᠨ ᠲᠥᠯᠦᠭᠡᠯᠡᠵᠦ 12 ᠰᠠᠷ᠎ᠠ  ᠶᠢᠨ 8 ‍ᠣ ᠡᠳᠦᠷ ᠥᠪᠦᠷ ᠮᠣᠩᠭᠤᠯ ‍ᠣᠨ ᠣᠳᠤᠨ ᠲᠧᠯᠸᠢᠰ ‍ᠣᠨ ᠱᠠᠩᠨᠠᠯ ᠣᠯᠭᠤᠬᠤ ᠦᠳᠡᠰᠢᠯᠡᠭᠡ ᠳ᠋ᠦ᠍ ᠡᠵᠢ ᠲᠠᠢ ᠪᠡᠨ ᠬᠠᠮᠲᠤ ᠱᠠᠩᠨᠠᠯ ‍ᠣᠨ ᠲᠠᠢᠰᠠᠨ ᠳ᠋ᠤ᠌ ᠱᠠᠩᠨᠠᠯ ᠲᠤᠰᠴᠠᠢ ᠃ ᠪᠦᠬᠦ ᠣᠷᠤᠨ ‍ᠣ ︿ ︿ ᠴᠣᠮᠣᠷᠯᠢᠭ ᠬᠤᠨᠳᠠᠭᠠᠲᠤ ﹀ ﹀ ᠳᠤᠮᠳᠠᠳᠤ ᠪᠠᠭ᠎ᠠ ᠰᠤᠷᠭᠠᠭᠤᠯᠢ ᠶᠢᠨ ᠮᠣᠩᠭᠤᠯ ᠰᠤᠷᠤᠭᠴᠢ ᠶᠢᠨ ᠵᠣᠬᠢᠶᠠᠯ ᠤ᠋ᠨ ︿ ︿ ᠪᠦᠬᠦ ᠤᠯᠤᠰ ᠤᠨ ᠰᠢᠯᠢᠳᠡᠭ ᠵᠢᠯᠤᠭᠤᠳᠤᠭᠴᠢ ᠪᠠᠭᠰᠢ ﹀ ﹀ ᠪᠠᠷ ᠦᠨᠡᠯᠡᠭᠳᠡᠵᠡᠢ ᠃ 2015 ᠣᠨ ‍ᠣ10 ᠰᠠᠷ᠎ᠠ ᠳ᠋ᠤ᠌ ᠶᠠᠪᠤᠭᠳᠠᠭᠰᠠᠨ ᠬᠠᠯᠬ᠎ᠠ ᠮᠣᠩᠭᠤᠯ ᠤᠯᠤᠰ ‍ᠣᠨ ᠳᠡᠯᠡᠬᠡᠢ ᠶ᠋ᠢᠨ ᠬᠡᠪᠴᠢᠶᠡᠨ ‍ᠣ ︿ ︿ ᠲᠠᠯ᠎ᠠ  ᠶᠢᠨ ᠢᠷᠠᠭᠤ ᠨᠠᠢᠷᠠᠭ ﹀ ﹀ ‍ᠣᠨ ᠨᠡᠷᠡᠮᠵᠢᠲᠦ ᠢᠷᠠᠭᠤ ᠨᠠᠢᠷᠠᠭ ‍ᠣᠨ ᠲᠡᠮᠡᠴᠡᠭᠡᠨ ᠳ᠋ᠦ᠍ ᠰᠢᠯᠢᠳᠡᠭ ᠪᠦᠲᠦᠮᠵᠢ ᠶ᠋ᠢ ᠬᠦᠷᠲᠡᠵᠦ ᠂ 2016 ᠣᠨ ‍ᠣ 7 ᠰᠠᠷ᠎ᠠ ᠳ᠋ᠤ᠌ ᠵᠤᠤ ᠤᠳᠠ ᠠᠢᠮᠠᠭ ‍ᠣᠨ ᠪᠦᠬᠦ ᠤᠯᠤᠰ ‍ᠣᠨ ᠬᠡᠪᠴᠢᠶᠡᠨ ‍ᠣ ᠤᠷᠤᠯᠳᠤᠭᠠᠨ ᠳ᠋ᠤ᠌ ︿ ︿ ᠥᠬᠢᠨ ‍ᠳ᠋ᠡᠭᠡᠨ ᠪᠢᠴᠢᠭᠰᠡᠨ ᠰᠢᠯᠦᠭ ﹀ ﹀ ᠭᠡᠰᠡᠨ ᠪᠦᠲᠦᠭᠡᠯ ᠢ᠋ᠶ᠋ᠡᠷ ᠢ᠋ᠶ᠋ᠡᠨ ᠰᠢᠯᠢᠳᠡᠭ ᠲᠠᠰ ᠲᠤ ᠲᠣᠳᠤᠷᠠᠵᠤ ᠂ ᠲᠤᠰ ᠵᠢᠯ ‍ᠣᠨ 8 ᠰᠠᠷ᠎ᠠ ᠳ᠋ᠤ᠌ ᠬᠢᠩᠭᠠᠨ ᠠᠢᠮᠠᠭ ‍ᠣᠨ ︿ ︿ ᠤᠶᠠᠩᠭ᠎ᠠ ᠶ᠋ᠢᠨ ᠱᠠᠭᠢᠯ ﹀ ﹀ ᠰᠢᠯᠦᠭ ᠨᠠᠢᠷᠠᠭᠤᠯᠤᠯ ‍ᠣᠨ ᠤᠷᠤᠯᠳᠤᠭᠠᠨ ᠳ᠋ᠤ᠌ ︿ ︿ ᠬᠠᠩᠰᠢ ᠶ᠋ᠢᠨ ᠪᠣᠷᠤᠭᠠᠨ ᠳ᠋ᠤ᠌ ᠬᠠᠢᠷ᠎ᠠ ᠶ᠋ᠢᠨ ᠦᠯᠢᠭᠡᠷ ᠱᠠᠭᠠᠭᠢᠨ᠎ᠠ ﹀ ﹀ ᠭᠡᠳᠡᠭ ᠪᠦᠲᠦᠭᠡᠯ ᠢ᠋ᠶ᠋ᠡᠷ ᠢ᠋ᠶ᠋ᠡᠨ ᠭᠤᠷᠪᠠᠳᠤᠭᠠᠷ ᠲᠤ ᠣᠷᠤᠵᠠᠢ ᠃ ︿ ︿ ᠬᠠᠢᠷ᠎ᠠ ᠶ᠋ᠢᠨ ᠳᠠᠭᠤᠤ ᠲᠠᠢ ᠪᠣᠷᠤᠭᠠᠨ ﹀ ﹀ ᠭᠡᠬᠦ ᠨᠠᠢᠷᠠᠭᠤᠯᠤᠯ ‍ᠣᠨ ᠲᠡᠭᠦᠪᠦᠷᠢ ᠨᠢ ᠰᠤᠷᠤᠭᠴᠢ  ᠶᠢᠨ ᠦᠶ᠎ᠡ ᠡᠴᠡ ᠪᠡᠨ ᠪᠢᠴᠢᠭᠰᠡᠨ ᠨᠠᠢᠷᠠᠭᠤᠯᠤᠯ ᠢ᠋ᠶ᠋ᠠᠨ ᠰᠣᠩᠭᠤᠨ ᠳᠢᠭᠯᠡᠭᠰᠡᠨ ᠲᠡᠭᠦᠪᠦᠷᠢ ᠪᠣᠯᠬᠤ ᠶᠤᠮ ᠃ ᠪᠣᠷᠵᠢᠭᠢᠨ ᠂ ᠤᠯᠠᠭᠠᠨᠲᠤᠶᠠᠭ᠎ᠠ ᠶ᠋ᠢᠨ ᠨᠠᠢᠷᠠᠭᠤᠯᠤᠯ ᠤ᠋ᠨ ᠲᠡᠭᠦᠪᠦᠷᠢ ︿ ︿ ᠬᠠᠢᠷ᠎ᠠ ᠶ᠋ᠢᠨ ᠳᠠᠭᠤᠤ ᠲᠠᠢ ᠪᠣᠷᠤᠭᠠᠨ ﹀ ﹀ ‍ᠣ ᠲᠠᠨᠢᠯᠴᠠᠭᠤᠯᠭ᠎ᠠ ᠄ ᠪᠣᠷᠵᠢᠭᠢᠨ ᠂ ᠤᠯᠠᠭᠠᠨᠲᠤᠶᠠᠭ᠎ᠠ ᠶ᠋ᠢᠨ ᠨᠠᠢᠷᠠᠭᠤᠯᠤᠯ ᠤ᠋ᠨ ᠲᠡᠭᠦᠪᠦᠷᠢ ︿ ︿ ᠬᠠᠢᠷ᠎ᠠ ᠶ᠋ᠢᠨ ᠳᠠᠭᠤᠤ ᠲᠠᠢ ᠪᠣᠷᠤᠭᠠᠨ ﹀ ﹀ ᠨᠢ ᠬᠠᠢᠷ᠎ᠠ ᠰᠡᠳᠭᠢᠯᠭᠡ ᠶ᠋ᠢᠨ ᠢᠯᠡᠷᠬᠡᠢᠯᠡᠯ ᠪᠤᠶᠤ ᠬᠠᠢᠷ᠎ᠠ ᠪᠠᠷ ᠬᠡᠯᠬᠢᠭᠰᠡᠨ ᠪᠣᠳᠤᠯ ᠤ᠋ᠨ ᠬᠡᠯᠬᠢᠶ᠎ᠡ ᠪᠠᠢᠵᠤ ᠂ ᠡᠨᠡ ᠳᠣᠲᠤᠷ᠎ᠠ ᠪᠠᠨ ᠳᠤᠷᠠᠳᠭᠠᠯ ᠂ ᠮᠥᠷᠦᠭᠡᠳᠦᠯ ᠂ ᠲᠣᠮᠤᠭᠠᠵᠢᠯ ᠂ ᠤᠬᠠᠭᠠᠷᠠᠯ ᠪᠠ ᠨᠢᠩᠵᠢᠨ ᠰᠡᠳᠭᠢᠯ ᠂ ᠥᠷᠦᠪᠴᠢ ᠬᠠᠢᠷ᠎ᠠ ᠂ ᠤᠷᠤᠭᠰᠢ ᠲᠡᠮᠡᠦᠯᠦᠯ ᠦ᠋ᠨ ᠢᠲᠡᠭᠡᠯ ᠦ᠋ᠨ ᠢᠷᠠᠭᠤ ᠳᠠᠭᠤᠨ ᠳᠠᠭᠤᠷᠢᠰᠴᠤ ᠂ ᠡᠰᠡᠷᠸ᠎ᠠ  ᠶᠢᠨ ᠥᠬᠢᠨ ᠢ᠋ ᠪᠠᠶᠠᠰᠭᠠᠬᠤ ᠡᠭᠡᠰᠢᠭ ᠳᠠᠭᠤᠨ ᠬᠡᠮᠡᠷ ᠬᠠᠩᠭᠢᠨᠠᠵᠤ ᠪᠣᠢ ᠃ ︽ ᠬᠠᠢᠷ᠎ᠠ ᠶ᠋ᠢᠨ ᠳᠠᠭᠤᠤ ᠲᠠᠢ ᠪᠣᠷᠤᠭᠠᠨ ︾ ᠨᠢ ᠬᠠᠢᠷ᠎ᠠ ᠶ᠋ᠢᠨ ᠳᠡᠭᠡᠳᠦᠯᠡᠯ ᠂ ᠬᠠᠢᠷ᠎ᠠ ᠶ᠋ᠢᠨ ᠳᠠᠭᠤᠤ ᠲᠠᠢ ᠪᠣᠷᠤᠭᠠᠨ ᠂ ᠨᠠᠮᠤᠭᠤᠬᠠᠨ ᠰᠥᠨᠢ ᠶ᠋ᠢᠨ ᠭᠠᠭᠴᠠᠭᠠᠷᠳᠠᠯ ᠂ ᠬᠠᠢᠷ᠎ᠠ ᠲᠠᠢ ᠣᠨ ᠵᠢᠯ ᠦ᠋ᠳ ᠂ ᠬᠠᠢᠷ᠎ᠠ ᠲᠣᠰᠣᠩᠨᠠᠭᠣᠯᠣᠭᠰᠠᠨ ᠵᠠᠬᠢᠳᠠᠯ ᠂ ᠤᠬᠠᠭᠠᠷᠠᠯ ᠬᠠᠢᠷᠠᠯᠠᠭᠰᠠᠨ ᠬᠣᠷᠸ᠎ᠠ ᠵᠡᠷᠭᠡ ᠵᠢᠷᠭᠤᠭᠠᠨ ᠠᠩᠭᠢ ᠪᠠᠷ ᠪᠦᠷᠢᠯᠳᠦᠵᠦ ᠂ ᠡᠵᠢ ᠠᠪᠤ ᠶ᠋ᠢᠨ ᠬᠠᠢᠷ᠎ᠠ ᠂ ᠨᠤᠲᠤᠭ ᠤ᠋ᠨ ᠬᠠᠢᠷ᠎ᠠ ᠂ ᠠᠮᠠᠷᠠᠭ ᠬᠠᠢᠷ᠎ᠠ ᠂ ᠦᠰᠦᠨ ᠪᠣᠢᠵᠢᠯ ᠤ᠋ᠨ ᠳᠤᠮᠳᠠᠬᠢ ᠬᠠᠢᠷ᠎ᠠ ᠶ᠋ᠢᠨ ᠮᠡᠳᠡᠷᠡᠮᠵᠢ ᠂ ᠠᠪᠤ ᠶ᠋ᠢᠨ ᠵᠠᠬᠢᠶ᠎ᠠ ᠂ ᠦᠢᠯᠡᠰ ᠠᠮᠢᠳᠤᠷᠠᠯ ᠤ᠋ᠨ ᠤᠶᠠᠩᠭ᠎ᠠ ᠵᠢ ᠬᠡᠯᠬᠢᠭᠰᠡᠨ ᠪᠠᠢᠨ᠎ᠠ ᠃ ᠪᠣᠷᠵᠢᠭᠢᠨ ᠂ ᠤᠯᠠᠭᠠᠨᠲᠤᠶᠠᠭ᠎ᠠ ᠶ᠋ᠢᠨ ᠨᠠᠢᠷᠠᠭᠤᠯᠤᠯ ᠤ᠋ᠨ ᠨᠢᠭᠡᠨ ᠣᠨᠴᠠᠯᠢᠭ ᠭᠡᠪᠡᠯ ᠰᠡᠳᠭᠢᠯᠭᠡ ᠦᠨᠡᠨᠴᠢ ᠪᠥᠭᠡᠳ ᠭᠦᠨᠵᠡᠭᠡᠢ ᠂ ᠨᠢᠭᠤᠵᠤ ᠳᠠᠷᠤᠬᠤ ᠦᠭᠡᠢ ᠳᠣᠲᠤᠭᠠᠳᠤ ᠰᠡᠳᠭᠢᠯᠭᠡ ᠶ᠋ᠢᠨ ᠢᠯᠡᠷᠬᠡᠢᠯᠡᠯ ᠨᠢ ᠬᠠᠯᠭᠢᠯᠠᠮ᠎ᠠ ᠴᠠᠯᠭᠢᠯᠠᠮ᠎ᠠ ᠃ ︽ ᠬᠠᠢᠷ᠎ᠠ ᠶ᠋ᠢᠨ ᠳᠡᠭᠡᠳᠦᠯᠡᠯ ︾ ᠭᠡᠬᠦ ᠨᠢᠭᠡᠨ ᠠᠩᠭᠢ ᠪᠡᠷ ᠵᠢᠱ᠌ᠢᠶᠡᠯᠡᠬᠦ ‍ᠳ᠋ᠣ ᠂ ᠠᠪᠤ ᠠᠵᠢ  ᠶᠢᠨ ᠬᠠᠢᠷ᠎ᠠ ᠪᠠ ᠪᠠᠭᠰᠢ  ᠶᠢᠨ ᠬᠠᠢᠷ᠎ᠠ ᠵᠢ ᠪᠢᠴᠢᠬᠦ ᠳ᠋ᠡᠭᠡᠨ ᠳᠤᠷᠠᠰᠤᠯ ᠮᠥᠷᠦᠭᠡᠳᠦᠯ ᠦ᠋ᠨ ᠰᠡᠳᠭᠢᠯᠭᠡ ᠪᠡᠷ ᠰᠢᠵᠢᠮᠯᠡᠵᠡᠢ ᠃ ᠡᠵᠢ ᠪᠡᠨ ᠡᠷᠲᠡ ᠠᠯᠳᠠᠭᠰᠠᠨ ᠬᠡᠦᠬᠡᠳ ᠲᠦ᠍ ᠡᠵᠢ  ᠶᠢᠨ ᠬᠠᠢᠷ᠎ᠠ ᠡᠭᠦᠷᠢᠳᠡ ᠨᠥᠬᠦᠰᠢ ᠦᠭᠡᠢ ᠬᠣᠭᠤᠰᠤᠷᠠᠯ ᠳᠤᠲᠠᠭᠳᠠᠯ ᠪᠣᠯᠵᠤ ᠬᠡᠦᠬᠡᠳ ᠨᠠᠰᠤᠨ ‍ᠣ ᠡᠵᠡᠭᠦᠢ ᠤᠬᠠᠮᠰᠠᠷ ᠲᠤ᠌ ᠭᠦᠨ ᠨᠡᠪᠲᠡᠷᠡᠨ ᠰᠢᠩᠭᠡᠵᠡᠢ ᠃ ᠢᠩᠭᠢᠬᠦ ᠳ᠋ᠡᠭᠡᠨ ᠲᠡᠷᠡ ᠨᠢ ᠴᠠᠭ ᠢᠮᠠᠭᠲᠠ ᠬᠤᠷᠴᠠ ᠴᠢᠩᠭ᠎ᠠ ᠳᠤᠷᠠᠰᠤᠯ ᠮᠥᠷᠦᠭᠡᠳᠦᠯ ᠦ᠋ᠨ ᠳᠠᠭᠤᠨ ᠪᠣᠯᠵᠤ ᠬᠠᠢᠷ᠎ᠠ ᠮᠥᠷᠦᠭᠡᠳᠦᠯ ᠦ᠋ᠨ ᠲᠣᠭᠰᠢᠨ ᠬᠤᠷ᠎ᠠ ᠪᠣᠯᠵᠤ ᠱᠠᠭᠠᠭᠢᠵᠣ ᠪᠠᠢᠳᠠᠭ ᠃ ᠡᠵᠢ ᠪᠡᠨ ᠲᠠᠬᠢᠨ ᠳᠠᠪᠲᠠᠨ ᠦᠭᠡᠢᠯᠡᠨ ᠳᠤᠷᠠᠰᠤᠨ᠎ᠠ ᠂ ᠬᠠᠩᠰᠢ  ᠶᠢᠨ ᠡᠳᠦᠷ ᠦ᠋ᠨ ᠣᠨᠴᠠᠭᠠᠢ ᠪᠣᠷᠤᠭᠠᠨ ‍ᠳ᠋ᠣ ᠨᠣᠷᠤᠭᠳᠠᠵᠤ ᠪᠣᠳᠤᠯᠭᠠᠰᠢᠷᠠᠨ᠎ᠠ ᠃ ᠮᠥᠨ ᠡᠭᠦᠨ ᠡᠴᠡ ᠪᠣᠯᠤᠭᠰᠠᠨ ᠠᠪᠤ ᠶ᠋ᠢᠨ ᠬᠠᠢᠷ᠎ᠠ ᠨᠢ ᠣᠨᠴᠠᠭᠠᠢ ᠂ ᠬᠣᠢᠲᠤ ᠡᠬᠡ  ᠶᠢᠨ ᠬᠠᠢᠷ᠎ᠠ ᠨᠢ  ᠴᠦ ᠣᠨᠴᠠᠭᠠᠢ ᠲᠣᠪᠤᠢᠮ᠎ᠠ ᠪᠣᠯᠵᠤ ᠥᠪᠡᠷ ᠦ᠋ᠨ ᠭᠡᠰᠡᠨ ᠣᠨᠴᠠᠯᠢᠭ ᠢᠯᠡᠷᠡᠵᠡᠢ ᠃ ᠥᠭᠡᠷ᠎ᠡ ᠪᠡᠷ ᠬᠡᠯᠡᠪᠡᠯ ᠣᠨᠴᠠᠭᠠᠢ ᠬᠠᠢᠷ᠎ᠠ ᠶ᠋ᠢᠨ ᠠᠬᠤᠢ ᠪᠠ ᠦᠨᠡᠨᠴᠢ ᠰᠡᠳᠭᠢᠯᠭᠡ ᠶ᠋ᠢᠨ ᠢᠯᠡᠷᠬᠡᠢᠯᠡᠯ ᠤᠶᠠᠯᠳᠤᠵᠤ ᠡᠲᠡᠭᠡᠳ ᠣᠨᠴᠠᠭᠠᠢ ᠬᠠᠢᠷ᠎ᠠ ᠶ᠋ᠢᠨ ᠪᠣᠷᠤᠭᠠᠨ ᠪᠣᠯᠵᠤ ᠱᠠᠭᠠᠭᠢᠵᠠᠢ ᠃ ︽ ᠡᠵᠢ ᠳ᠋ᠡᠭᠡᠨ ᠪᠢᠴᠢᠭᠰᠡᠨ ᠵᠠᠬᠢᠳᠠᠯ ︾ ᠨᠢ ᠲᠡᠭᠡᠭᠡᠳ ᠬᠣᠢᠲᠤ ᠡᠵᠢ  ᠶᠢᠨ ᠬᠠᠢᠷ᠎ᠠ ᠶ᠋ᠢᠨ ᠮᠡᠳᠡᠷᠡᠮᠵᠢ ᠵᠢ ᠢᠯᠡᠷᠬᠡᠢᠯᠡᠭᠡᠳ ᠣᠯᠠᠨ ᠬᠥᠮᠦᠨ ᠢ᠋ ᠰᠡᠳᠭᠢᠯ ᠢ᠋ ᠬᠥᠳᠡᠯᠭᠡᠭᠰᠡᠨ ᠪᠠᠢᠳᠠᠭ ᠃ ᠭᠡᠬᠦ ᠳ᠋ᠡᠭᠡᠨ ᠡᠢᠮᠦᠷᠬᠦᠦ ᠦᠨᠡᠨᠴᠢ ᠬᠠᠢᠷ᠎ᠠ ᠶ᠋ᠢᠨ ᠢᠯᠡᠷᠬᠡᠢᠯᠡᠯ ᠨᠢ ᠭᠦᠨ ᠭᠦᠨᠵᠡᠭᠡᠢ ᠪᠠᠢᠳᠠᠭ ᠂ ᠬᠦᠨᠳᠦ ᠨᠦᠰᠡᠷ ᠰᠡᠳᠭᠢᠯᠭᠡ ᠶ᠋ᠢᠨ ᠥᠩᠭᠡ ᠪᠡᠷ ᠥᠳᠭᠡᠨ ᠪᠠᠢᠳᠠᠭ ᠂ ᠰᠡᠳᠭᠢᠯ ᠢ᠋ ᠳᠣᠯᠭᠢᠰᠤᠭᠤᠯᠬᠤ ᠬᠦᠴᠦᠨ ᠪᠠ ᠴᠤᠤᠷᠢᠶᠠᠯᠠᠭᠤᠯᠬᠤ ᠬᠦᠴᠦᠨ ᠢ᠋ᠶ᠋ᠡᠷ ᠴᠢᠩᠭ᠎ᠠ ᠪᠠᠢᠳᠠᠭ ᠃ ᠬᠥᠮᠦᠨ ‍ᠣ ᠶᠢᠷᠲᠢᠨᠴᠦ ᠶ᠋ᠢᠨ ᠰᠠᠢᠨ ᠰᠠᠢᠬᠠᠨ ᠪᠠ ᠦᠨᠡᠨᠴᠢ ᠴᠠᠢᠯᠭᠠᠨ ᠬᠠᠢᠷ᠎ᠠ ᠵᠢ ᠬᠥᠮᠦᠰ ᠲᠦ᠍ ᠦᠵᠡᠭᠦᠯᠵᠦ ᠦᠨᠢᠳᠡ ᠳᠠᠭᠤᠳᠠᠨ ᠤᠷᠢᠶᠠᠯᠠᠬᠤ ᠰᠢᠳᠢᠲᠦ ᠬᠣᠮᠬ᠎ᠠ  ᠶᠢᠨ ᠳᠠᠭᠤᠨ ᠰᠢᠭ ᠬᠠᠩᠭᠢᠨᠠᠵᠤ ᠪᠣᠢ ᠃ ︿ ︿ ᠬᠠᠢᠷ᠎ᠠ ᠶ᠋ᠢᠨ ᠳᠠᠭᠤᠤ ᠲᠠᠢ ᠪᠣᠷᠤᠭᠠᠨ ﹀ ﹀ ᠨᠠᠢᠷᠠᠭᠤᠯᠤᠯ ᠤ᠋ᠨ ᠲᠡᠭᠦᠪᠦᠷᠢ ᠨᠢ ᠬᠠᠢᠷ᠎ᠠ ᠰᠡᠳᠭᠢᠯᠭᠡ ᠶ᠋ᠢᠨ ᠯᠡᠪᠡᠷᠡᠭᠦᠯᠦᠯ  ᠢᠶᠠᠷ ᠬᠡᠯᠬᠢᠭᠳᠡᠵᠦ ᠪᠠᠢᠭ᠎ᠠ  ᠴᠦ ᠠᠳᠠᠯᠢ ᠪᠤᠰᠤ ᠵᠣᠬᠢᠶᠠᠯ ‍ᠳ᠋ᠣ ᠢᠯᠡᠷᠡᠭᠰᠡᠨ ᠰᠡᠳᠭᠢᠯᠭᠡ ᠶ᠋ᠢᠨ ᠥᠩᠭᠡ ᠨᠢ ᠪᠠᠰᠠ ᠠᠳᠠᠯᠢ ᠪᠤᠰᠤ ᠪᠠᠢᠳᠠᠭ ᠃ ᠵᠢᠱ᠌ᠢᠶᠡᠯᠡᠪᠡᠯ ᠡᠵᠢ ᠠᠪᠤ ᠶ᠋ᠢᠨ ᠬᠠᠢᠷ᠎ᠠ ᠶ᠋ᠢᠨ ᠲᠤᠬᠠᠢ ᠡᠷᠭᠢᠴᠡᠭᠦᠯᠦᠯ ᠮᠥᠷᠦᠭᠡᠳᠦᠯ ᠨᠢ ᠬᠦᠨᠳᠦ ᠨᠦᠰᠡᠷ ᠪᠠᠢᠳᠠᠭ  ᠴᠦ ᠂ ᠨᠤᠲᠤᠭ ᠤᠰᠤᠨ ‍ᠣ ᠲᠤᠬᠠᠢ ᠳᠤᠷᠠᠰᠤᠯ ᠲᠡᠮᠳᠡᠭᠯᠡᠯ ᠪᠠ ᠵᠢᠷᠤᠭᠯᠠᠯ ᠮᠠᠭᠲᠠᠭᠠᠯ ‍ᠳ᠋ᠣ ᠪᠠᠶᠠᠷ ᠴᠡᠩᠭᠡᠯᠳᠦ ᠣᠮᠤᠭ ᠪᠠᠬᠠᠳᠤᠯᠲᠤ ᠰᠡᠳᠭᠢᠯᠭᠡ ᠪᠢᠯᠬᠠᠮ᠎ᠠ ᠢᠯᠡᠷᠡᠳᠡᠭ ᠃ ᠮᠥᠨ  ᠴᠦ ᠡᠢᠮᠦᠷᠬᠦᠦ ᠵᠣᠬᠢᠶᠠᠯ ᠳᠣᠲᠤᠷ᠎ᠠ ᠲᠡᠭᠦᠨ ‍ᠣ ᠤᠷᠠᠯᠠᠬᠤ ᠠᠪᠢᠶᠠᠰ ᠨᠢ ᠨᠡᠩ ᠶᠡᠬᠡ ᠪᠠᠳᠠᠷᠠᠵᠤ ᠂ ᠵᠣᠬᠢᠶᠠᠯ ᠨᠢ ᠠᠮᠢᠳᠤᠯᠢᠭ ᠳᠦᠷᠰᠦᠯᠡᠯ ᠪᠠ ᠢᠷᠠᠭᠤ ᠤᠶᠠᠩᠭᠠᠯᠠᠯ ᠳᠤᠮᠳᠠ ᠤᠶᠠᠩᠭᠠᠨ ᠪᠣᠷᠤᠭᠠᠨ ᠪᠣᠯᠳᠠᠭ ᠤᠴᠢᠷ ᠲᠠᠢ ᠃ ︽ ᠬᠠᠢᠷ᠎ᠠ ᠶ᠋ᠢᠨ ᠳᠠᠭᠤᠤ ᠲᠠᠢ ᠪᠣᠷᠤᠭᠠᠨ ︾ ᠭᠡᠬᠦ ᠨᠢᠭᠡᠨ ᠠᠩᠭᠢ ‍ᠳ᠋ᠣ ᠣᠷᠤᠭᠰᠠᠨ ︽ ᠬᠠᠢᠷ᠎ᠠ ᠶ᠋ᠢᠨ ᠳᠠᠭᠤᠤ ᠲᠠᠢ ᠪᠣᠷᠤᠭᠠᠨ ︾ ᠂ ︽ ᠬᠥᠳᠡᠭᠡ ᠨᠤᠲᠤᠭ ‍ᠣᠨ ᠥᠷᠯᠦᠭᠡ ︾ ᠂ ︽ ᠨᠤᠲᠤᠭ ᠤ᠋ᠨ ᠮᠢᠨᠢ ᠨᠣᠭᠤᠭᠠᠨ ᠲᠠᠯ᠎ᠠ ︾ ᠂ ︽ ᠬᠥᠪᠪᠦᠯᠵᠡᠨ ᠨᠡᠭᠦᠳᠡᠯᠯᠡᠬᠦ ᠡᠭᠦᠯᠡ ︾ ᠂ ︽ ᠰᠡᠳᠭᠢᠯ ᠳ᠋ᠦ᠍ ᠤᠶᠠᠭᠠᠲᠠᠢ ᠮᠣᠩᠭᠤᠯ ᠨᠤᠲᠤᠭ ︵ ᠨᠢᠭᠡ ︶ ︾ ᠂ ︽ ᠰᠡᠳᠭᠢᠯ ᠳ᠋ᠦ᠍ ᠤᠶᠠᠭᠠᠲᠠᠢ ᠮᠣᠩᠭᠤᠯ ᠨᠤᠲᠤᠭ ︵ ᠬᠤᠶᠠᠷ ︶ ︾ ᠵᠡᠷᠭᠡ ᠵᠣᠬᠢᠶᠠᠯ ᠨᠢ ᠪᠦᠷ ᠤᠶᠠᠩᠭᠠᠯᠠᠯ ᠤ᠋ᠨ ᠬᠥᠭ ᠠᠶᠠᠰ ᠪᠢᠯᠬᠠᠮ᠎ᠠ ᠪᠠᠢᠳᠠᠭ ᠢ᠋ᠶ᠋ᠠᠷ ᠤᠷᠤᠰᠤᠮ᠎ᠠ ᠢᠷᠠᠭᠤ ᠂ ᠬᠥᠭᠵᠢᠮ ᠠᠢᠵᠠᠮ ᠲᠠᠢ ᠪᠢᠴᠢᠭᠯᠡᠯ ᠪᠣᠯᠵᠠᠢ ᠃ ︽ ᠬᠠᠢᠷ᠎ᠠ ᠶ᠋ᠢᠨ ᠳᠠᠭᠤᠤ ᠲᠠᠢ ᠪᠣᠷᠤᠭᠠᠨ ︾ ‍ᠳ᠋ᠣ ᠨᠤᠲᠤᠭ ᠤ᠋ᠨ ᠠᠭᠤᠯᠠ ᠤᠰᠤ ᠤᠷᠭᠤᠮᠠᠯ ᠴᠡᠴᠡᠭ ᠵᠢᠷᠤᠭ ᠰᠢᠭ ᠪᠣᠳᠣᠭᠯᠠᠭᠳᠠᠵᠤ ᠂ ᠡᠬᠡ ᠨᠤᠲᠤᠭ ᠤ᠋ᠨ ᠲᠤᠬᠠᠢ ᠪᠠᠬᠠᠳᠤᠯᠲᠤ ᠰᠡᠳᠭᠢᠯᠭᠡ ᠂ ᠬᠠᠢᠷᠠᠯᠠᠨ ᠬᠢᠮᠠᠭᠠᠳᠠᠬᠤ ᠰᠡᠳᠭᠢᠯᠭᠡ ᠂ ᠡᠬᠡ ᠨᠤᠲᠤᠭ ᠲᠠᠭᠠᠨ ᠠᠴᠢ ᠬᠠᠷᠢᠭᠤᠯᠬᠤ ᠣᠰᠤᠯᠳᠠᠭᠰᠠᠨ ᠰᠡᠳᠭᠢᠯᠭᠡ ᠵᠡᠷᠭᠡ ᠨᠢ ᠤᠨᠠᠭᠠᠨ ᠪᠠᠭ᠎ᠠ  ᠶᠢᠨ ᠡᠷᠭᠢᠴᠡᠭᠦᠯᠦᠯ ᠪᠠ ᠬᠦᠰᠡᠯ ᠲᠡᠮᠡᠦᠯᠦᠯ ᠂ ᠡᠵᠢ ᠠᠪᠤ ᠶ᠋ᠢᠨ ᠬᠠᠢᠷ᠎ᠠ ᠂ ᠡᠬᠡ ᠣᠷᠤᠨ ‍ᠣ ᠲᠤᠬᠠᠢ ᠬᠠᠢᠷ᠎ᠠ ᠂ ᠡᠨᠡ ᠶᠢᠷᠲᠢᠨᠴᠦ ᠶ᠋ᠢᠨ ᠬᠠᠢᠷ᠎ᠠ ᠵᠡᠷᠭᠡ ᠲᠠᠢ ᠠᠭᠤᠰᠤᠯᠳᠠᠵᠤ ᠨᠤᠲᠤᠭ ᠲᠤ᠌ ᠠᠴᠢᠶᠠᠯᠠᠭᠰᠠᠨ ᠠᠭᠤᠤ ᠶᠡᠬᠡ ᠬᠠᠢᠷ᠎ᠠ ᠪᠣᠯᠵᠤ ᠬᠤᠪᠢᠷᠠᠭᠰᠠᠨ ᠪᠠᠢᠨ᠎ᠠ ᠃ ᠬᠡᠯᠡᠯᠭᠡᠨ ᠦᠭᠡᠢ ᠨᠤᠲᠤᠭ ᠤ᠋ᠨ ᠣᠮᠤᠭᠰᠢᠯ ᠪᠠᠬᠠᠳᠤᠯ ᠪᠠ ᠬᠠᠢᠷ᠎ᠠ ᠮᠥᠷᠦᠭᠡᠳᠦᠯ ᠦ᠋ᠨ ᠵᠡᠷᠭᠡᠪᠡᠷ ᠪᠠᠰᠠ ᠨᠤᠲᠤᠭ ᠤᠰᠤᠨ ‍ᠣ ᠠᠬᠤᠢ ᠠᠮᠢᠳᠤᠷᠠᠯ ‍ᠳ᠋ᠣ ᠬᠠᠨᠳᠤᠭᠤᠯᠤᠭᠰᠠᠨ ᠪᠣᠳᠤᠯᠭᠠᠰᠢᠷᠠᠯ ᠡᠮᠵᠡᠭᠯᠡᠯ ᠵᠡᠷᠭᠡ ᠨᠢ ᠲᠡᠭᠦᠨ ‍ᠣ ᠬᠠᠢᠷ᠎ᠠ ᠰᠡᠳᠭᠢᠯᠭᠡᠨ ‍ᠣ ᠢᠯᠡᠷᠡᠭᠦᠯᠦᠯ ᠦ᠋ᠨ ᠪᠠᠰᠠ ᠨᠢᠭᠡᠨ ᠵᠦᠢᠯ ᠦ᠋ᠨ ᠬᠡᠯᠪᠡᠷᠢ ᠪᠣᠯᠵᠠᠢ ᠃ ︽ ᠬᠥᠷᠰᠢ ᠵᠡᠷᠭᠡᠯᠡᠳᠡᠭᠡ  ᠶᠢᠨ ᠬᠢᠨ ︾ ᠂ ︽ ᠬᠥᠳᠡᠭᠡ ᠶ᠋ᠢᠨ ᠠᠮᠢᠳᠤᠷᠠᠯ ᠶᠠᠭᠤ ᠪᠣᠯᠵᠤ ᠪᠠᠢᠨ᠎ᠠ ︾ ︽ ᠬᠥᠭᠡᠷᠥᠬᠦᠢ ᠪᠢᠴᠢᠬᠠᠨ ᠲᠠᠭᠲᠠᠭ᠎ᠠ ︾ ᠵᠡᠷᠭᠡ ᠵᠣᠬᠢᠶᠠᠯ  ᠠᠴᠠ ᠡᠳᠡᠭᠡᠷ  ᠢ ᠣᠯᠵᠤ ᠬᠠᠷᠠᠨ᠎ᠠ ᠃ ᠨᠡᠮᠡᠭᠦᠨ ᠵᠥᠭᠡᠯᠡᠨ ᠬᠠᠢᠷ᠎ᠠ ᠶ᠋ᠢᠨ ᠢᠯᠡᠷᠬᠡᠢᠯᠡᠯ ᠂ ᠭᠠᠭᠴᠠᠭᠠᠷᠳᠠᠯ ᠂ ᠡᠮᠵᠡᠭᠯᠡᠯ ᠵᠡᠷᠭᠡ ᠵᠢ ᠪᠦᠰᠡᠭᠦᠢ ᠬᠥᠮᠦᠨ ‍ᠣ ᠡᠲᠡᠭᠡᠳ ᠭᠤᠪᠠᠢ ᠰᠡᠳᠭᠢᠯᠭᠡ ᠪᠡᠷ ᠢᠯᠡᠳᠭᠡᠭᠰᠡᠨ ︽ ᠨᠠᠮᠤᠭᠤᠬᠠᠨ ᠰᠥᠨᠢ ᠶ᠋ᠢᠨ ᠭᠠᠭᠴᠠᠭᠠᠷᠳᠠᠯ ︾ ᠭᠡᠬᠦ ᠨᠢᠭᠡᠨ ᠪᠠᠭᠴᠠ ᠵᠣᠬᠢᠶᠠᠯ ᠰᠡᠳᠭᠢᠯᠭᠡ ᠶ᠋ᠢᠨ ᠨᠠᠷᠢᠨ ᠮᠡᠳᠡᠷᠡᠮᠵᠢ ᠂ ᠬᠠᠢᠷ᠎ᠠ ᠶ᠋ᠢᠨ ᠤᠶᠠᠬᠠᠨ ᠮᠥᠷᠦᠭᠡᠳᠦᠯ ᠢ᠋ᠶ᠋ᠡᠷ ᠬᠠᠢᠷ᠎ᠠ ᠶ᠋ᠢᠨ ᠰᠢᠪᠡᠨᠡᠭᠡ ᠪᠣᠷᠤᠭᠠᠨ ᠪᠣᠯᠵᠤ ᠂ ᠣᠶᠤᠨ ᠰᠡᠳᠭᠢᠯᠭᠡᠨ ‍ᠣ ᠪᠣᠯᠪᠠᠰᠤᠷᠠᠯ ᠪᠠ ᠤᠷᠠᠯᠢᠭ ᠤ᠋ᠨ ᠪᠣᠯᠪᠠᠰᠤᠷᠠᠯ ᠢ᠋ ᠭᠠᠢᠬᠠᠭᠤᠯᠵᠠᠢ ᠃ ᠢᠷᠠᠭᠤ ᠨᠠᠢᠷᠠᠭᠴᠢ ᠭᠠᠭᠴᠠᠭᠠᠷᠳᠠᠳᠠᠭ ᠂ ᠤᠷᠠᠨ ᠪᠦᠲᠦᠭᠡᠯᠴᠢ ᠭᠠᠭᠴᠠᠭᠠᠷᠳᠠᠳᠠᠭ ᠂ ᠭᠠᠭᠴᠠᠭᠠᠷᠳᠠᠯ ᠤᠨ ᠳᠤᠮᠳᠠ ᠤᠷᠠᠨ ᠵᠣᠬᠢᠶᠠᠯᠴᠢ ᠬᠥᠮᠦᠨ ᠤᠯᠠᠮ ᠲᠡᠭᠦᠰ ᠲᠡᠭᠦᠯᠳᠡᠷ ᠪᠣᠯᠭᠠᠨ ᠳᠡᠭᠡᠭᠰᠢᠯᠡᠳᠡᠭ ᠂ ᠦᠨᠡᠨ ᠳ᠋ᠡᠭᠡᠨ ᠶᠠᠭ ᠣᠶᠤᠨ ᠰᠡᠳᠭᠢᠯ ᠦ᠋ᠨ ᠥᠨᠳᠦᠷ ᠮᠠᠨᠳᠠᠯ ‍ᠳ᠋ᠣ ᠰᠠᠭᠠᠲᠠᠭᠰᠠᠨ ᠪᠠᠢᠵᠠᠢ ᠃ ᠨᠠᠮᠤᠭᠤᠬᠠᠨ ᠰᠥᠨᠢ ᠶ᠋ᠢᠨ ᠭᠠᠭᠴᠠᠭᠠᠷᠳᠠᠯ ᠨᠠᠳᠠ ᠵᠢ ᠰᠡᠳᠭᠢᠯ ᠦ᠋ᠨ ᠭᠣᠶᠤ ᠶᠢᠷᠲᠢᠨᠴᠦ ᠵᠦᠭ ᠬᠥᠲᠦᠯᠦᠭᠰᠡᠨ ᠡᠴᠡ ︿ ᠭᠠᠭᠴᠠ ᠲᠠᠨ ᠳ᠋ᠠᠭᠠᠨ ﹀ ᠭᠡᠬᠦ ᠬᠠᠢᠷ᠎ᠠ ᠶ᠋ᠢᠨ ᠰᠢᠯᠦᠭ ᠪᠤᠯᠠᠭ ᠤᠨ ᠤᠰᠤ ᠰᠢᠭ ᠤᠨᠳᠤᠷᠤᠭᠠᠳ ᠪᠠᠢᠨ᠎ᠠ ᠃ ᠨᠠᠪᠴᠢᠨ ‍ᠣ ᠱᠤᠤᠭᠢᠶ᠎ᠠ ᠪᠡᠷ ᠢᠰᠭᠡᠷᠬᠦ ᠭᠠᠭᠴᠠᠭᠠᠷᠳᠠᠯ ᠢᠷᠠᠭᠤ ᠤᠶᠠᠬᠠᠨ ᠲᠠᠭᠤ  ᠶᠢ ᠰᠣᠨᠤᠷᠳᠠᠭᠤᠯᠬᠤ ᠪᠡᠷ ᠣᠭᠲᠠᠷᠭᠤᠢ ‍ᠳ᠋ᠥ ᠡᠯᠭᠦᠭᠳᠡᠬᠦ ᠲᠡᠷᠡ ᠨᠢᠭᠡᠨ ᠣᠳᠣ ᠥᠭᠡᠳᠡ ᠡᠴᠡ ᠢᠰᠪᠡᠯᠵᠡᠨ᠎ᠡ ︾ ᠃ ᠡᠨᠳᠡ ᠭᠠᠭᠴᠠᠭᠠᠷᠳᠠᠯ ᠶᠠᠭ ᠪᠣᠯᠵᠤᠭᠠᠨ ‍ᠣ ᠠᠮᠠᠷᠠᠭ ᠰᠢᠭ ᠂ ᠵᠢᠵᠢᠭᠦᠷᠯᠡᠵᠦ ᠪᠠᠢᠭ᠎ᠠ ᠬᠥᠮᠦᠨ ᠰᠢᠭ ᠬᠠᠴᠢᠨ ᠨᠢᠭᠤᠴᠠᠭᠠᠢ ᠢᠯᠡᠷᠡᠵᠦ ᠂ ᠰᠡᠳᠭᠢᠯ ᠦ᠋ᠨ ᠭᠣᠶᠤ ᠶᠢᠷᠲᠢᠨᠴᠦ ᠵᠦᠭ ᠬᠥᠲᠦᠯᠵᠦ ᠪᠠᠢᠭ᠎ᠠ ᠪᠥᠭᠡᠳ ᠨᠠᠪᠴᠢᠨ ‍ᠣ ᠱᠤᠤᠭᠢᠶ᠎ᠠ ᠪᠠᠷ ᠢᠰᠭᠡᠷᠴᠦ ᠬᠡᠷᠡᠭ ᠥᠳᠦᠭᠡᠵᠦ ᠬᠠᠢᠷ᠎ᠠ ᠶ᠋ᠢᠨ ᠰᠢᠯᠦᠭ ᠤᠨᠳᠤᠷᠠᠭᠤᠯᠵᠤ ᠣᠳᠤᠨ ᠮᠡᠴᠢᠳ  ᠢ ᠢᠰᠪᠡᠯᠵᠡᠭᠦᠯᠵᠦ ᠪᠠᠢᠨ᠎ᠠ ᠃ ᠡᠨᠳᠡ ᠡᠴᠡ ᠵᠣᠬᠢᠶᠠᠭᠴᠢ  ᠶᠢᠨ ᠡᠲᠡᠭᠡᠳ ᠣᠨᠴᠠᠭᠠᠢ ᠰᠠᠨᠠᠭ᠎ᠠ ᠠᠬᠤᠢ ᠵᠢ ᠮᠡᠳᠡᠷᠡᠵᠦ ᠤᠷᠠᠯᠢᠭ ᠬᠥᠭᠡᠭᠡᠴᠡᠯᠳᠦᠯ ᠦ᠋ᠨ ᠠᠮᠵᠢᠯᠲᠠ ᠵᠢ ᠣᠯᠵᠤ ᠬᠠᠷᠠᠵᠤ ᠪᠣᠯᠤᠨ᠎ᠠ ᠃ ᠡᠨᠳᠡ ᠡᠴᠡ ᠭᠠᠭᠴᠠᠭᠠᠷᠳᠠᠯ ᠤᠨ ᠭᠤᠸ᠎ᠠ ᠰᠠᠢᠬᠠᠨ ᠢ᠋ ᠤᠬᠠᠭᠠᠷᠠᠵᠤ ᠂ ᠡᠴᠢᠨ᠎ᠡ ᠭᠠᠢᠬᠠᠮᠰᠢᠭ ᠢ᠋ ᠰᠡᠷᠡᠵᠦ ᠪᠣᠯᠤᠨ᠎ᠠ ᠃ ᠡᠭᠦᠨ ᠢ᠋ᠶ᠋ᠡᠷ ᠵᠣᠭᠰᠤᠬᠤ ᠦᠭᠡᠢ ᠵᠣᠬᠢᠶᠠᠭᠴᠢ  ᠶᠢᠨ ᠨᠢᠳᠦ ᠂ ᠰᠡᠳᠭᠢᠯ ᠂ ᠰᠠᠨᠠᠭ᠎ᠠ ᠠᠬᠤᠢ ‍ᠳ᠋ᠣ ᠭᠠᠭᠴᠠᠭᠠᠷᠳᠠᠯ ᠣᠯᠠᠨ ᠳᠦᠷᠰᠦ ᠪᠡᠷ ᠢᠯᠡᠷᠡᠵᠦ ︽ ᠵᠠᠷᠢᠮ ᠳ᠋ᠠᠭᠠᠨ ᠪᠣᠳᠤᠯ ᠤ᠋ᠨ ᠭᠣᠶᠤ ᠥᠨᠳᠦᠷ ᠲᠦ᠍ ᠮᠠᠴᠤᠭᠤᠯᠳᠠᠭ ︾ ᠂ ︽ ᠮᠥᠩᠭᠦᠨ ᠥᠩᠭᠡ ᠪᠡᠷ ᠴᠢᠮᠡᠭᠯᠡᠭᠰᠡᠨ ︾  ᠢᠶᠠᠨ ᠮᠥᠩᠭᠦᠨ ᠰᠠᠷᠠᠨ ‍ᠣ ᠭᠡᠷᠡᠯ ᠲᠠᠢ ᠮᠥᠴᠡᠭᠡᠷᠬᠡᠵᠦ ᠪᠠᠢᠬᠤ ᠂ ︽ ᠳᠤᠷᠠᠯᠠᠯ ᠤ᠋ᠨ ᠦᠨᠦᠷ ᠲᠠᠢ ᠵᠤᠨ ‍ᠣ ᠰᠠᠯᠬᠢᠨ ᠰᠢᠭ ᠬᠡᠢᠰᠦᠨ ᠢᠷᠡᠬᠦ ︾ ᠂ ︽ ᠠᠮᠠᠷᠠᠭ ᠤᠨ ᠳᠤᠷᠠᠰᠤᠯ ᠰᠢᠭ ︾ ᠮᠡᠲᠦ ᠪᠠᠢᠬᠤ ᠠᠵᠠᠢ ᠃ ᠡᠳᠡᠭᠡᠷ ᠳᠦᠷᠰᠦᠯᠡᠯ ᠳᠣᠲᠤᠷ᠎ᠠ ᠢᠯᠡ ᠵᠦᠢᠷᠯᠡᠯ ᠂ ᠳᠠᠯᠳᠠ ᠵᠦᠢᠷᠯᠡᠯ ᠂ ᠰᠠᠨᠠᠭ᠎ᠠ ᠠᠬᠤᠢ ᠂ ᠰᠠᠨᠠᠭ᠎ᠠ ᠳᠦᠷᠢ ᠵᠡᠷᠭᠡ ᠰᠣᠯᠪᠢᠴᠠᠨ ᠢᠯᠡᠷᠡᠵᠦ ᠵᠣᠬᠢᠶᠠᠭᠴᠢ  ᠶᠢᠨ ᠰᠡᠳᠭᠢᠯᠭᠡ ᠰᠡᠷᠡᠯ ᠦ᠋ᠨ ᠬᠥᠳᠡᠯᠦᠩᠭᠦᠢ ᠬᠥᠭᠵᠢᠶᠡᠨᠲᠡᠢ ᠂ ᠤᠷᠠᠯᠢᠭ ᠤ᠋ᠨ ᠥᠨᠳᠦᠷ ᠠᠮᠵᠢᠯᠲᠠ ᠵᠢ ᠦᠵᠡᠭᠦᠯᠵᠦ ᠴᠢᠳᠠᠵᠠᠢ ᠃ ᠮᠥᠩᠭᠦᠨ ᠰᠠᠷᠠᠨ ‍ᠣ ᠳᠣᠣᠷ᠎ᠠ ᠪᠣᠯᠵᠤᠭᠠᠨ ‍ᠣ ᠠᠮᠠᠷᠠᠭ  ᠢ ᠬᠦᠯᠢᠶᠡᠭᠰᠡᠨ ᠰᠢᠭ ᠭᠠᠭᠴᠠᠭᠠᠷᠳᠠᠯ ᠤᠨ ᠳᠤᠮᠳᠠ ᠵᠢᠷᠭᠠᠵᠤ ᠰᠠᠭᠤᠭᠰᠠᠨ ᠨᠢ ᠭᠠᠭᠴᠠ ᠵᠣᠬᠢᠶᠠᠭᠴᠢ ᠥᠪᠡᠷ ᠢ᠋ᠶ᠋ᠡᠨ ᠪᠢᠰᠢ ᠂ ᠤᠩᠰᠢᠭᠴᠢ ᠂ ᠰᠡᠴᠡᠨ ᠨᠤᠭᠤᠨ ᠮᠡᠷᠭᠡᠨ ᠥᠬᠢᠳ ᠪᠦᠷ ᠪᠠᠢᠬᠤ ᠶᠣᠰᠣᠲᠠᠢ ᠃ ᠠᠩᠬᠠᠨ ‍ᠣ ᠬᠠᠢᠷ᠎ᠠ ᠶ᠋ᠢᠨ ᠮᠥᠷᠦᠭᠡᠳᠦᠯ ᠳᠤᠷᠠᠰᠤᠯ ᠂ ᠬᠦᠰᠡᠯ ᠬᠦᠯᠢᠶᠡᠯᠲᠡ ᠭᠡᠵᠦ ᠲᠡᠢᠮᠦᠷᠬᠦᠦ ᠰᠢᠬᠢᠷᠯᠢᠭ ᠮᠥᠷᠲᠡᠭᠡᠨ ᠢᠰᠭᠦᠯᠡᠩ ᠭᠠᠰᠢᠭᠤᠨ ᠂ ᠲᠡᠢᠮᠦᠷᠬᠦᠦ ᠮᠠᠷᠲᠠᠭᠳᠠᠰᠢ ᠦᠭᠡᠢ ᠭᠦᠨ ᠭᠦᠨᠵᠡᠭᠡᠢ ᠃ ᠠᠩᠬᠠᠨ ‍ᠣ ᠬᠠᠢᠷ᠎ᠠ ᠶ᠋ᠢᠨ ᠳᠤᠷᠠᠰᠤᠯ ᠪᠠ ᠰᠢᠷᠬᠠᠯᠠᠯ ᠂ ᠠᠯᠳᠠᠭᠰᠠᠨ ᠬᠠᠢᠷ᠎ᠠ ᠶ᠋ᠢᠨ ᠰᠡᠭᠦᠷᠡᠰᠦᠯᠡᠯ ᠭᠤᠨᠢᠭ ᠤ᠋ᠨ ᠪᠠᠲᠤᠴᠠᠭᠠᠨ ‍ᠣ ᠨᠠᠪᠴᠢᠰ ᠂ ᠠᠢᠰᠤᠢ ᠢᠷᠡᠭᠡᠳᠦᠢ  ᠶᠢᠨ ᠰᠠᠢᠨ ᠰᠠᠢᠬᠠᠨ ‍ᠣ ᠮᠥᠷᠦᠭᠡᠳᠦᠯ ᠬᠠᠢᠷ᠎ᠠ ᠶ᠋ᠢᠨ ᠤᠶᠠᠩᠭ᠎ᠠ ᠵᠢ ᠲᠡᠭᠡᠭᠡᠵᠦ ᠰᠡᠭᠦᠷᠡᠰᠦᠯᠡᠯ ᠭᠤᠨᠢᠭᠯᠠᠯ ᠂ ᠤᠶᠠᠷᠠᠯ ᠮᠥᠷᠦᠭᠡᠳᠦᠯ ᠂ ᠬᠦᠰᠡᠯ ᠪᠠᠷᠠᠯᠠᠯ ᠤᠨ ᠬᠦᠨᠳᠦᠬᠡᠨ ᠰᠡᠳᠭᠢᠯ ᠢ᠋ ᠠᠴᠢᠶᠠᠯᠠᠨᠠᠮ ᠂ ︽ ᠣᠷᠤᠢᠲᠠᠵᠤ ᠲᠡᠭᠦᠭᠰᠡᠨ ᠪᠠᠲᠤᠴᠠᠭᠠᠨ ‍ᠣ ᠨᠠᠪᠴᠢ ︾ ᠵᠢ ᠤᠩᠰᠢᠭᠠᠷᠠᠢ ᠃ ᠰᠢᠷᠭᠠᠯᠲᠤᠬᠤ ᠨᠠᠪᠴᠢᠰ  ᠢ ᠬᠥᠩᠭᠡᠬᠡᠨ ᠭᠢᠰᠭᠢᠯᠡᠨ ᠠᠩᠬᠠᠨ ‍ᠣ ᠬᠠᠢᠷ᠎ᠠ ᠵᠢ ᠬᠦᠨᠳᠦᠬᠡᠨ ᠳᠤᠷᠠᠰᠤᠮᠵᠢᠯᠠᠨ ᠭᠦᠨ ᠤᠯᠠᠭᠠᠨ ᠮᠥᠷᠦᠭᠡᠳᠦᠯ ᠦ᠋ᠨ ᠬᠣᠩᠭᠤᠷ ᠴᠡᠴᠡᠭᠡᠰ  ᠢ ᠪᠠᠷᠠᠭᠠᠳᠠᠵᠤ ᠢᠨᠠᠭ ᠬᠠᠢᠷ᠎ᠠ ᠶ᠋ᠢᠨ ᠮᠥᠩᠬᠡ ᠶ᠋ᠢᠨ ᠬᠦᠴᠦᠨ  ᠢ ᠲᠣᠯᠢᠳᠭᠠᠭᠰᠠᠨ ︽ ᠨᠠᠮᠤᠷ ᠤ᠋ᠨ ᠤᠶᠠᠩᠭᠠᠷᠠᠯ ᠲᠠᠢ ᠠᠩᠬᠠᠨ ‍ᠣ ᠬᠠᠢᠷ᠎ᠠ ᠶ᠋ᠢᠨ ᠵᠠᠬᠢᠳᠠᠯ ︾  ᠢ ᠲᠣᠰᠣᠭᠠᠷᠠᠢ ᠃ ᠰᠡᠳᠭᠢᠯᠭᠡ ᠲᠠᠢ ᠬᠥᠮᠦᠨ ᠬᠠᠢᠷ᠎ᠠ ᠶ᠋ᠢᠨ ᠵᠠᠶᠠᠭ᠎ᠠ ᠲᠠᠢ ᠬᠥᠮᠦᠨ ᠬᠠᠮᠤᠭ ᠪᠡᠷᠬᠡ ᠵᠢ ᠲᠤᠭᠤᠯᠵᠤ ᠬᠠᠨᠢᠰᠠᠨ ᠵᠢᠷᠭᠠᠬᠤ ᠬᠠᠪᠤ ᠴᠡᠩᠭᠡᠯ  ᠢ ᠡᠳ᠋ᠯᠡᠵᠦ ᠴᠢᠳᠠᠨ᠎ᠠ ᠭᠡᠵᠦ ᠪᠦᠲᠦᠭᠡᠭᠰᠡᠨ ︽ ᠣᠷᠤᠢᠲᠠᠵᠤ ᠲᠡᠷᠭᠡᠯᠰᠢᠭᠰᠡᠨ ᠰᠠᠷᠠ ︾ ᠂ ᠨᠠᠮᠤᠷ ᠤ᠋ᠨ ᠨᠠᠪᠴᠢᠰ  ᠢ ᠬᠠᠷᠠᠮᠨᠠᠬᠤ ᠰᠢᠭ ᠠᠯᠳᠠᠭᠰᠠᠨ ‍ᠣ ᠬᠣᠢᠨᠠᠬᠢ ᠭᠤᠨᠢᠭᠯᠠᠯ ᠡᠮᠵᠡᠭᠯᠡᠯ ᠡᠴᠡ ᠪᠤᠴᠠᠵᠤ ᠤᠶᠠᠩᠭ᠎ᠠ ᠨᠠᠢᠷᠠᠭ ᠤ᠋ᠨ ᠰᠢᠮ᠎ᠡ ᠪᠡᠷ ᠥᠪᠡᠷ ᠢ᠋ ᠪᠡᠨ ᠤᠬᠠᠭᠠᠷᠠᠭᠤᠯᠬᠤ ᠤᠬᠠᠭᠠᠷᠠᠯ ᠢ᠋ ᠬᠤᠷᠤᠢᠯᠠᠭᠰᠠᠨ ︽ ᠨᠠᠮᠤᠷ ᠤ᠋ᠨ ᠭᠤᠨᠢᠭᠯᠠᠯ ︾ ᠂ ᠬᠠᠢᠷ᠎ᠠ ᠶ᠋ᠢᠨ ᠨᠢᠭᠤᠴᠠᠬᠠᠨ ᠰᠡᠳᠭᠢᠯ ᠳ᠋ᠡᠭᠡᠨ ᠵᠢᠷᠭᠠᠵᠤ ᠢᠲᠡᠭᠡᠯ ᠦ᠋ᠨ ᠰᠠᠢᠬᠠᠨ ‍ᠳ᠋ᠣ ᠴᠡᠩᠭᠡᠭᠰᠡᠨ ᠪᠠᠶᠠᠰᠤᠯ ᠵᠢᠷᠭᠠᠯ ᠤᠨ ᠴᠠᠭᠠᠪᠤᠷᠯᠠᠯ ᠪᠠ ᠮᠥᠷᠦᠭᠡᠳᠦᠯ ᠬᠠᠢᠷ᠎ᠠ ᠶ᠋ᠢᠨ ᠮᠠᠭᠲᠠᠭᠠᠯ ᠳᠠᠭᠤᠤ ︽ ᠬᠠᠢᠷ᠎ᠠ ᠬᠠᠢᠷ᠎ᠠ ᠶ᠋ᠢᠨ ᠡᠷᠭᠢᠯᠲᠡ ‍ᠳ᠋ᠣ ︾ ᠂ ᠬᠠᠢᠷ᠎ᠠ ᠪᠠᠨ ᠨᠠᠨᠳᠢᠩᠨᠠᠬᠤ ᠂ ᠠᠮᠢ ᠨᠠᠰᠤ ᠪᠡᠨ ᠳᠡᠭᠡᠳᠦᠯᠡᠬᠦ ᠮᠥᠷᠦᠭᠡᠳᠦᠯ ᠬᠠᠢᠷ᠎ᠠ ᠶ᠋ᠢᠨ ᠵᠥᠭᠡᠯᠡᠨ ᠬᠤᠷ᠎ᠠ ᠰᠠᠭᠠᠭᠢᠭᠤᠯᠤᠭᠰᠠᠨ ︽ ᠬᠠᠢᠷ᠎ᠠ ᠶ᠋ᠢᠨ ᠴᠠᠰᠤ ᠲᠠᠢ ᠬᠠᠪᠤᠷ ︾ ᠂ ᠮᠥᠷᠦᠭᠡᠳᠦᠯ ᠬᠠᠢᠷ᠎ᠠ ᠶ᠋ᠢᠨ ᠨᠢᠯᠪᠤᠰᠤᠨ ᠪᠣᠷᠤᠭ᠎ᠠ ᠰᠢᠪᠡᠷᠡᠭᠦᠯᠵᠦ ᠦᠨᠡᠨᠴᠢ ᠢᠨᠠᠭ ᠠᠮᠠᠷᠠᠭ ᠤᠨ ᠷᠢᠳᠢ ᠰᠢᠳᠢ ᠵᠢ ᠪᠠᠬᠠᠷᠬᠠᠵᠤ ᠢᠨᠠᠭ ᠠᠮᠠᠷᠠᠭ ᠤᠨ ᠤᠬᠠᠭᠠᠷᠠᠯ ᠂ ᠠᠮᠢᠳᠤᠷᠠᠯ ᠤ᠋ᠨ ᠤᠬᠠᠭᠠᠷᠠᠯ ᠢ᠋ ᠬᠤᠷᠤᠢᠯᠠᠭᠰᠠᠨ ︽ ᠵᠤᠨ ‍ᠣ ᠡᠬᠢᠨ ‍ᠣ ᠵᠥᠭᠡᠯᠡᠨ ᠪᠣᠷᠤᠭᠠᠨ ᠴᠢᠳᠭᠤᠬᠤ ᠶᠢ ᠠᠶᠠᠷᠬᠠᠨ ᠲᠣᠭᠰᠢᠨ᠎ᠠ ︾ ᠭᠡᠬᠦ ᠵᠡᠷᠭᠡ ᠪᠦᠲᠦᠭᠡᠯ ᠦ᠋ᠳ ᠪᠦᠰᠡᠭᠦᠢ ᠵᠣᠬᠢᠶᠠᠯᠴᠢ  ᠶᠢᠨ ᠤᠶᠠᠩᠭ᠎ᠠ ᠰᠡᠳᠭᠢᠯᠭᠡ ᠶ᠋ᠢᠨ ᠭᠤᠸ᠎ᠠ ᠰᠠᠢᠬᠠᠨ ᠢ᠋ ᠳᠡᠯᠭᠡᠨ ᠦᠵᠡᠭᠦᠯᠵᠦ ᠪᠣᠢ ᠃ ᠬᠡᠯᠡᠯᠭᠡᠨ ᠦᠭᠡᠢ ᠨᠥᠬᠦᠷᠯᠡᠯ ᠬᠠᠢᠷ᠎ᠠ ᠶ᠋ᠢᠨ ᠭᠤᠸ᠎ᠠ ᠰᠠᠢᠬᠠᠨ ᠢᠳᠡ ᠬᠦᠴᠦᠨ  ᠢ ᠪᠠᠰᠠ ︽ ᠨᠠᠮᠤᠷ ‍ᠣᠨ ᠨᠠᠮᠤᠷ ᠲᠠᠭᠠᠨ ᠤᠶᠠᠨᠭᠠᠷᠠᠳᠠᠭ ᠨᠥᠬᠦᠷᠯᠡᠯ ᠬᠠᠢᠷ᠎ᠠ ︾ ᠂ ︽ ᠳᠤᠷᠠᠰᠤᠯ ᠳ᠋ᠤ᠌ ᠨᠠᠪᠴᠢᠯᠠᠭᠰᠠᠨ ᠰᠢᠯᠦᠭ ‍ᠣᠨ ᠰᠡᠳᠭᠢᠯ ︾ ᠵᠡᠷᠭᠡ ᠵᠣᠬᠢᠶᠠᠯ ᠤᠳ ᠲᠤ᠌ ᠢᠯᠡᠳᠭᠡᠵᠡᠢ ᠃ ᠡᠨᠡ ᠨᠢᠭᠡᠨ ᠠᠩᠭᠢ ᠨᠠᠢᠷᠠᠭᠤᠯᠤᠯ ᠨᠢ ᠬᠤᠷᠴᠠ ᠴᠢᠩᠭ᠎ᠠ ᠤᠶᠠᠩᠭᠠᠯᠠᠯ ᠤ᠋ᠨ ᠠᠶᠠᠰ ᠬᠥᠭᠵᠢᠮ ᠢ᠋ᠶ᠋ᠡᠷ ᠬᠠᠢᠷ᠎ᠠ ᠰᠡᠳᠭᠢᠯᠭᠡ ᠶ᠋ᠢᠨ ᠠᠶᠠᠯᠭᠤ ᠵᠢ ᠬᠥᠭᠵᠢᠮᠳᠡᠭᠰᠡᠨ ᠪᠣᠯᠬᠣᠷ ᠲᠤᠰ ᠲᠡᠭᠦᠪᠦᠷᠢ ᠳᠣᠲᠤᠷᠠᠬᠢ ᠭᠣᠣᠯ ᠤᠷᠠᠯᠢᠭ ᠤ᠋ᠨ ᠠᠮᠵᠢᠯᠲᠠ ᠵᠢ ᠬᠠᠷᠠᠭᠤᠯᠤᠭᠰᠠᠨ ᠨᠢᠭᠡᠨ ᠠᠩᠭᠢ ᠪᠣᠯᠵᠠᠢ ᠃ ᠳᠡᠭᠡᠷᠡᠬᠢ ᠡᠷᠭᠢᠴᠡᠭᠦᠯᠦᠯ ᠮᠥᠷᠦᠭᠡᠳᠦᠯ ᠦ᠋ᠨ ᠬᠠᠢᠷ᠎ᠠ ᠶ᠋ᠢᠨ ᠪᠣᠷᠤᠭᠠᠨ ᠲᠠᠢ ᠠᠳᠠᠯᠢᠳᠭᠠᠪᠠᠯ ︽ ᠬᠠᠢᠷᠠᠲᠠᠢ ᠣᠨ ᠵᠢᠯ ᠦ᠋ᠳ ︾ ᠭᠡᠬᠦ ᠨᠢᠭᠡᠨ ᠠᠩᠭᠢ ᠵᠣᠬᠢᠶᠠᠯ ᠥᠪᠡᠷ ᠦ᠋ᠨ ᠦᠰᠦᠨ ᠪᠣᠢᠵᠢᠯ ᠪᠠ ᠠᠵᠢᠯ ᠦᠢᠯᠡᠰ ᠠᠮᠢᠳᠤᠷᠠᠯ ᠤ᠋ᠨ ᠤᠬᠠᠭᠠᠷᠠᠯ ᠢ᠋ ᠲᠣᠯᠢᠳᠭᠠᠭᠰᠠᠨ ᠨᠣᠮᠯᠠᠯ ᠰᠤᠷᠭᠠᠯ ᠤ᠋ᠨ ᠠᠶᠠᠰᠲᠤ ᠵᠦᠰᠡᠷ ᠪᠣᠷᠤᠭᠠᠨ ᠪᠣᠯᠵᠠᠢ ᠃ ᠲᠤᠰ ᠠᠩᠭᠢ ᠵᠣᠬᠢᠶᠠᠯ ‍ᠳ᠋ᠣ ᠠᠮᠢᠳᠤᠷᠠᠯ ᠤ᠋ᠨ ᠶᠣᠰᠤᠨ ᠢ᠋ ᠤᠶᠠᠩᠭ᠎ᠠ ᠰᠡᠳᠭᠢᠯᠭᠡ ᠪᠡᠷ ᠢᠯᠡᠳᠭᠡᠭᠰᠡᠨ ︽ ᠬᠠᠢᠷᠠᠲᠠᠢ ᠣᠨ ᠵᠢᠯ ᠦ᠋ᠳ ︾ ᠪᠠ ᠤᠶᠠᠩᠭᠠᠨ ᠪᠣᠷᠤᠭᠠᠨ ᠳᠤᠮᠳᠠ ᠴᠠᠢᠯᠭᠠᠨ ᠬᠠᠯᠠᠭᠤᠨ ᠬᠦᠰᠡᠯ ᠢ᠋ᠶ᠋ᠡᠨ ᠰᠠᠭᠠᠭᠢᠭᠤᠯᠤᠭᠰᠠᠨ ︽ ᠵᠤᠨ ‍ᠣ ᠪᠣᠷᠤᠭᠠᠨ ᠵᠢᠷᠦᠬᠡᠨ ‍ᠳ᠋ᠣ ᠳᠤᠰᠤᠯᠠᠲᠠᠯ᠎ᠠ ᠣᠷᠤᠭᠠᠰᠠᠢ ‍ᠳ᠋ᠠ ︾ ᠭᠡᠬᠦ ᠬᠣᠶᠠᠷ ᠵᠣᠬᠢᠶᠠᠯ  ᠠᠴᠠ ᠭᠠᠳᠠᠨ᠎ᠠ ᠪᠤᠰᠤᠳ ᠵᠣᠬᠢᠶᠠᠯ ᠨᠢ ᠶᠡᠷᠦᠩᠬᠡᠢ ᠳ᠋ᠡᠭᠡᠨ ᠢᠲᠡᠭᠡᠯ ᠬᠦᠰᠡᠯ ᠢ᠋ᠶ᠋ᠡᠨ ᠬᠥᠪᠴᠢᠯᠡᠵᠦ ᠴᠢᠷᠮᠠᠢᠨ ᠵᠢᠳᠭᠦᠬᠦ ᠂ ᠵᠠᠯᠠᠭᠤ ᠨᠠᠰᠤ ᠪᠠᠨ ᠬᠣᠭᠤᠰᠤᠭᠠᠷ ᠥᠩᠭᠡᠷᠡᠭᠦᠯᠬᠦ ᠵᠢ ᠲᠡᠪᠴᠢᠵᠦ ᠤᠷᠤᠭᠰᠢ ᠲᠡᠮᠡᠦᠯᠡᠬᠦ ᠵᠣᠷᠢᠭ  ᠢᠶᠠᠨ ᠬᠥᠪᠴᠢᠯᠡᠭᠰᠡᠨ ᠂ ᠴᠣᠭ ᠰᠦᠯᠳᠡ ᠵᠢ ᠬᠤᠷᠠᠢᠯᠠᠭᠰᠠᠨ ᠂ ᠦᠨᠡᠨ ᠰᠠᠢᠨ ᠰᠠᠢᠬᠠᠨ ᠢ᠋ ᠮᠠᠭᠲᠠᠨ ᠰᠠᠢᠰᠢᠶᠠᠵᠤ ᠬᠤᠳᠠᠯ ᠮᠠᠭᠤ ᠮᠠᠭᠤᠬᠠᠢ ᠵᠢ ᠪᠤᠷᠤᠭᠤᠰᠢᠶᠠᠨ ᠰᠢᠭᠦᠮᠵᠢᠯᠡᠭᠰᠡᠨ ᠴᠠᠭ ᠦᠶ᠎ᠡ  ᠶᠢᠨ ᠢᠷᠠᠭᠤ ᠵᠣᠬᠢᠰᠲᠤ ᠳᠠᠭᠤᠨ ᠪᠠᠢᠵᠠᠢ ᠃ ᠭᠡᠬᠦ ᠳ᠋ᠡᠭᠡᠨ ᠡᠨᠡ ᠨᠢ ᠬᠣᠭᠤᠰᠤᠨ ᠤᠷᠠᠢ ᠪᠢᠰᠢ ᠂ ᠥᠪᠡᠷ ᠦ᠋ᠨ ᠠᠵᠢᠯ ᠦᠢᠯᠡᠰ ᠪᠠ ᠨᠡᠢᠭᠡᠮ ᠠᠬᠤᠢ ᠶ᠋ᠢᠨ ᠪᠣᠳᠠᠲᠤ ᠪᠠᠢᠳᠠᠯ ‍ᠳ᠋ᠣ ᠬᠠᠨᠳᠤᠭᠤᠯᠤᠨ ᠶᠠᠷᠢᠭᠰᠠᠨ ᠴᠢᠩ ᠰᠡᠳᠭᠢᠯ ᠦ᠋ᠨ ᠥᠴᠢᠭᠯᠡᠯ ᠪᠠ ︽ ᠥᠨᠥᠳᠦᠷ ᠦ᠋ᠨ ᠶᠠᠭᠤ ᠪᠦᠬᠦᠨ ᠢ᠋ᠶ᠋ᠡᠨ ᠬᠠᠢᠷᠠᠯᠠᠵᠤ ᠶᠠᠪᠤᠭᠠᠷᠠᠢ ︾ ᠭᠡᠬᠦ ᠴᠠᠢᠯᠭᠠᠨ ᠰᠠᠢᠬᠠᠨ ᠬᠦᠰᠡᠯ ᠪᠠᠢᠵᠠᠢ ᠃ ᠨᠢᠭᠡ ᠯᠡ ᠦᠭᠡ ᠪᠡᠷ ᠬᠡᠯᠡᠪᠡᠯ ᠤᠷᠤᠭᠰᠢ ᠳᠠᠪᠰᠢᠬᠤ ᠵᠢ ᠬᠤᠷᠤᠢᠯᠠᠭᠰᠠᠨ ᠣᠶᠤᠨ ᠰᠠᠨᠠᠭᠠᠨ ‍ᠣ ᠵᠣᠷᠢᠭᠵᠢᠭᠤᠯᠤᠯ ᠤ᠋ᠨ ᠬᠤᠷ᠎ᠠ ᠪᠠᠢᠵᠠᠢ ᠃ ︽ ᠬᠠᠢᠷ᠎ᠠ ᠲᠣᠰᠣᠩᠨᠠᠭᠣᠯᠣᠭᠰᠠᠨ ᠵᠠᠬᠢᠳᠠᠯ ︾ ᠭᠡᠬᠦ ᠨᠢᠭᠡᠨ ᠠᠩᠭᠢ ᠵᠣᠬᠢᠶᠠᠯ ᠦᠰᠦᠨ ᠪᠣᠢᠵᠢᠯ ᠤ᠋ᠨ ᠳᠤᠮᠳᠠᠬᠢ ᠳᠤᠷᠠᠰᠤᠯ ᠮᠥᠷᠦᠭᠡᠳᠦᠯ ᠢ᠋ᠶ᠋ᠡᠷ ᠳᠠᠮᠵᠢᠵᠤ ᠠᠪᠤ ᠶ᠋ᠢᠨ ᠰᠤᠷᠭᠠᠯ ᠤ᠋ᠨ ᠦᠨᠡᠲᠦ ᠰᠤᠪᠤᠳ ᠤ᠋ᠨ ᠬᠡᠮᠬᠡᠳᠡᠭ ᠪᠣᠯᠬᠤ ᠵᠠᠬᠢᠳᠠᠯ ᠪᠢᠴᠢᠭ ᠢ᠋ ᠣᠯᠠᠨ ‍ᠳ᠋ᠣ ᠳᠡᠯᠭᠡᠵᠡᠢ ᠃ ᠡᠨᠡ ᠨᠢ ᠴᠣᠬᠤᠮ ᠳ᠋ᠠᠭᠠᠨ ᠡᠵᠢ ᠠᠪᠤ ᠶ᠋ᠢᠨ ᠬᠠᠢᠷ᠎ᠠ ᠳᠤᠷᠠᠰᠤᠯ ᠤ᠋ᠨ ᠵᠣᠬᠢᠶᠠᠯ ᠤᠨ ᠨᠥᠬᠦᠪᠦᠷᠢ ᠪᠣᠯᠬᠤ ᠶᠣᠰᠣᠲᠠᠢ  ᠴᠦ ᠣᠨᠴᠠᠭᠠᠢ ᠨᠢᠭᠡᠨ ᠵᠠᠬᠢᠳᠠᠯ ᠤᠨ ᠬᠡᠯᠪᠡᠷᠢᠲᠦ ᠵᠣᠬᠢᠶᠠᠯ ᠪᠣᠯᠤᠭᠰᠠᠨ ‍ᠣ ᠬᠤᠪᠢ ‍ᠳ᠋ᠣ ᠲᠤᠰᠭᠠᠢ ᠨᠢᠭᠡᠨ ᠠᠩᠭᠢ ᠪᠣᠯᠭᠠᠭᠰᠠᠨ  ᠴᠦ ᠥᠪᠡᠷ ᠦ᠋ᠨ ᠣᠨᠴᠠᠯᠢᠭ ᠲᠠᠢ ᠃ ᠠᠪᠤ ᠶ᠋ᠢᠨ ᠵᠠᠬᠢᠳᠠᠯ  ᠢ ᠠᠯᠳᠠ ᠮᠡᠲᠦ ᠰᠤᠷᠭᠠᠯ ᠪᠣᠯᠭᠠᠨ ᠨᠠᠨᠳᠢᠩᠨᠠᠵᠤ ᠥᠪᠡᠷ ᠦ᠋ᠨ ᠦᠵᠡᠯᠲᠡ ᠪᠣᠳᠤᠯ ᠲᠠᠢ ᠪᠠᠨ ᠠᠭᠤᠰᠭᠠᠨ ᠪᠢᠴᠢᠭᠯᠡᠭᠰᠡᠨ ᠢ᠋ᠶ᠋ᠡᠷ ᠡᠨᠡ ᠵᠠᠬᠢᠳᠠᠯ ᠰᠡᠳᠭᠢᠯ ᠢ᠋ ᠬᠥᠳᠡᠯᠭᠡᠮ᠎ᠡ ᠪᠥᠭᠡᠳ ᠭᠦᠨ ᠭᠦᠨᠵᠡᠭᠡᠢ ᠰᠤᠷᠭᠠᠨ ᠬᠥᠮᠦᠵᠢᠯ ᠦ᠋ᠨ ᠦᠨ᠎ᠡ ᠥᠷᠲᠡᠭ ᠲᠡᠢ ᠃ ᠣᠳᠣ ᠪᠣᠯᠲᠠᠯ᠎ᠠ ᠠᠪᠤ ᠶ᠋ᠢᠨ ᠵᠠᠬᠢᠳᠠᠯ  ᠢ ᠬᠠᠳᠠᠭᠠᠯᠠᠭᠰᠠᠨ ᠬᠥᠮᠦᠨ ᠬᠡᠳᠦᠢ ᠯᠡ ᠪᠠᠢᠬᠤ ‍ᠳ᠋ᠠ ᠂ ᠡᠨᠡ ᠨᠢ ᠵᠣᠬᠢᠶᠠᠭᠴᠢ  ᠶᠢᠨ ᠡᠴᠢᠭᠡ ᠳᠡᠭᠡᠳᠦᠰ ᠦ᠋ᠨ ᠰᠤᠷᠭᠠᠯ ᠢ᠋ ᠨᠠᠨᠳᠢᠩᠨᠠᠬᠤ ᠡᠷᠬᠢᠮ ᠦᠨᠡᠲᠦ ᠵᠠᠩ ᠠᠷᠠᠨᠰᠢᠨ ‍ᠣ ᠬᠠᠷᠠᠭᠤᠯᠤᠯ ᠪᠣᠯᠵᠤ ᠪᠠᠢᠨ᠎ᠠ ᠃ ᠰᠤᠷᠭᠠᠨ ᠬᠥᠮᠦᠵᠢᠯ ᠪᠣᠯ ᠭᠠᠭᠴᠠ ᠰᠤᠷᠭᠠᠭᠤᠯᠢ ᠪᠠ ᠪᠠᠭᠰᠢ  ᠶᠢᠨ ᠰᠤᠷᠭᠠᠨ ᠬᠥᠮᠦᠵᠢᠯ ᠲᠡᠳᠦᠢ ᠪᠢᠰᠢ ᠂ ᠭᠡᠷ ᠦ᠋ᠨ ᠬᠥᠮᠦᠵᠢᠯ ᠂ ᠠᠪᠤ ᠡᠵᠢ  ᠶᠢᠨ ᠬᠥᠮᠦᠵᠢᠯ ᠬᠡᠴᠢᠨᠡᠭᠡᠨ ᠴᠢᠬᠤᠯᠠ ᠭᠡᠳᠡᠭ  ᠢ ᠡᠨᠡ ᠨᠢᠭᠡᠨ ᠠᠩᠭᠢ ᠵᠠᠬᠢᠳᠠᠯ ᠵᠣᠬᠢᠶᠠᠯ ᠦᠵᠡᠭᠦᠯᠵᠦ ᠪᠠᠢᠨ᠎ᠠ ᠃ << ᠤᠬᠠᠭᠠᠷᠠᠯ ᠬᠠᠢᠷᠠᠯᠠᠭᠰᠠᠨ ᠬᠣᠷᠸ᠎ᠠ ︾ ᠭᠡᠬᠦ ᠨᠢᠭᠡᠨ ᠠᠩᠭᠢ ᠵᠣᠬᠢᠶᠠᠯ ᠠᠮᠢᠳᠤᠷᠠᠯ ᠤ᠋ᠨ ᠤᠬᠠᠭᠠᠷᠠᠯ ᠢ᠋ ᠲᠣᠯᠢᠳᠭᠠᠭᠰᠠᠨ ᠰᠤᠷᠭᠠᠨ ᠬᠥᠮᠦᠵᠢᠯ ᠦ᠋ᠨ ᠰᠢᠨᠵᠢᠲᠦ ᠵᠣᠬᠢᠶᠠᠯ ᠤᠳ ᠪᠣᠯᠤᠨ᠎ᠠ ᠃ ᠪᠠᠭᠰᠢ ᠠᠵᠢᠯ ᠤᠨ ᠮᠠᠭᠲᠠᠭᠤ ᠂ ᠮᠣᠩᠭᠤᠯ ᠰᠤᠷᠭᠠᠨ ᠬᠥᠮᠦᠵᠢᠯ ‍ᠳ᠋ᠣ ᠣᠷᠤᠰᠢᠵᠤ ᠪᠠᠢᠭ᠎ᠠ ᠵᠠᠷᠢᠮ ᠠᠰᠠᠭᠤᠳᠠᠯ ᠂ ᠬᠡᠦᠬᠡᠳ ᠢ᠋ ᠬᠡᠷᠬᠢᠨ ᠰᠤᠷᠭᠠᠨ ᠬᠥᠮᠦᠵᠢᠭᠦᠯᠬᠦ ᠲᠤᠬᠠᠢ ᠪᠣᠳᠤᠯᠭᠠᠰᠢᠷᠠᠯ ᠂ ᠠᠷᠢᠬᠢ ᠨᠠᠭᠠᠳᠤᠮ ‍ᠳ᠋ᠣ ᠰᠢᠨᠤᠭᠰᠠᠳ ᠤ᠋ᠨ ᠲᠤᠬᠠᠢ ᠡᠮᠵᠡᠭᠯᠡᠯ ᠂ ᠢᠲᠡᠭᠡᠯ ᠪᠢᠰᠢᠷᠡᠯ ᠂ ᠬᠦᠰᠡᠯ ᠮᠥᠷᠦᠭᠡᠳᠦᠯ ᠦ᠋ᠨ ᠡᠷᠬᠢᠮ ᠦᠨᠡᠲᠦ ᠴᠢᠨᠠᠷ  ᠢ ᠡᠷᠬᠢᠮᠯᠡᠨ ᠴᠢᠬᠤᠯᠠᠴᠢᠯᠠᠭᠰᠠᠨ ᠰᠡᠳᠭᠢᠯ ᠦ᠋ᠨ ᠳᠣᠯᠭᠢᠶᠠᠨ ᠵᠡᠷᠭᠡ ᠨᠢ ᠨᠢᠭᠡᠨ ᠪᠠᠭᠰᠢ ᠪᠣᠯᠤᠭᠰᠠᠨ ‍ᠣ ᠬᠤᠪᠢ ᠳ᠋ᠠᠬᠢ ᠨᠡᠢᠭᠡᠮ ᠪᠠ ᠬᠡᠦᠬᠡᠳ ᠵᠦᠭ ᠰᠠᠭᠠᠭᠢᠭᠤᠯᠤᠭᠰᠠᠨ ᠴᠠᠢᠯᠭᠠᠨ ᠰᠡᠳᠭᠢᠯ ᠦ᠋ᠨ ᠬᠤᠷ᠎ᠠ ᠪᠠᠢᠵᠠᠢ ᠃ ᠨᠢᠭᠡᠨ ᠬᠥᠮᠦᠨ ᠪᠣᠯᠤᠭᠰᠠᠳ ᠶᠠᠮᠠᠷ ᠡᠭᠦᠷᠭᠡᠴᠢᠯᠡᠯ ᠪᠠᠢᠬᠤ ᠲᠤᠬᠠᠢ ᠨᠡᠢᠭᠡᠮ ᠪᠠ ᠭᠦᠨ ᠤᠬᠠᠭᠠᠨ ᠂ ᠶᠣᠰᠤ ᠰᠤᠷᠲᠠᠬᠤᠨ ‍ᠣ ᠡᠭᠦᠳᠡᠨ ᠡᠴᠡ ᠲᠤᠩᠭᠠᠭᠠᠨ ᠰᠢᠭᠦᠭᠰᠡᠨ ᠦᠭᠡᠰ ᠦ᠋ᠨ ᠡᠷᠢᠬᠡᠰ ᠪᠠᠢᠵᠤᠬᠤᠢ ᠃ ᠶᠡᠷᠦᠩᠬᠡᠢ ‍ᠳ᠋ᠣ ᠨᠢ ᠬᠡᠯᠡᠪᠡᠯ ᠂ ᠪᠣᠷᠵᠢᠭᠢᠨ ᠤᠯᠠᠭᠠᠨᠲᠤᠶᠠᠭ᠎ᠠ ᠶ᠋ᠢᠨ ᠨᠠᠢᠷᠠᠭᠤᠯᠤᠯ ᠤ᠋ᠨ ᠵᠣᠬᠢᠶᠠᠯ ᠤᠳ ᠨᠢ ᠬᠠᠢᠷ᠎ᠠ ᠶ᠋ᠢᠨ ᠢᠯᠡᠷᠬᠡᠢᠯᠡᠯ ᠳᠤᠮᠳᠠ ᠤᠬᠠᠭᠠᠷᠠᠯ ᠂ ᠥᠭᠡᠳᠡᠯᠡᠯ ᠂ ᠰᠢᠮᠳᠠᠯ ᠂ ᠬᠠᠷᠢᠭᠤᠴᠠᠯᠭ᠎ᠠ ᠵᠢ ᠲᠣᠯᠢᠳᠭᠠᠭᠰᠠᠨ ᠪᠥᠭᠡᠳ ᠤᠶᠠᠩᠭᠠᠯᠠᠯ ᠂ ᠬᠦᠦᠷᠨᠢᠯ ᠂ ᠳᠦᠷᠰᠦᠯᠡᠯ ᠂ ᠰᠢᠭᠦᠮᠵᠢᠯᠡᠯ ᠦ᠋ᠨ ᠤᠶᠠᠯᠳᠤᠯ ᠳᠤᠮᠳᠠ ᠣᠶᠤᠨ ᠰᠡᠳᠭᠢᠯ ᠦ᠋ᠨ ᠴᠡᠪᠡᠷ ᠴᠠᠢᠯᠭᠠᠨ ᠪᠠ ᠤᠷᠠᠯᠢᠭ ᠤ᠋ᠨ ᠭᠤᠸ᠎ᠠ ᠰᠠᠢᠬᠠᠨ ᠢ᠋ ᠨᠢᠭᠡᠳᠭᠡᠬᠦ ᠪᠡᠷ ᠮᠡᠷᠡᠢᠭᠰᠡᠨ ᠪᠠᠢᠨ᠎ᠠ ᠃ ᠤᠷᠠᠯᠢᠭ ᠪᠠ ᠦᠨᠡᠨ ᠶᠣᠰᠤᠨ ‍ᠣ ᠬᠥᠭᠡᠭᠡᠴᠡᠯᠳᠦᠯ ᠪᠣᠯ ᠬᠥᠪᠡᠭᠡ ᠬᠢᠵᠠᠭᠠᠷ ᠦᠭᠡᠢ ᠪᠠᠢᠳᠠᠭ ᠂ ᠨᠢᠭᠡᠨ ᠵᠠᠯᠠᠭᠤ ᠵᠣᠬᠢᠶᠠᠯᠴᠢ ᠪᠣᠯᠤᠭᠰᠠᠨ ‍ᠣ ᠬᠤᠪᠢ ‍ᠳ᠋ᠣ ᠂ ᠥᠩᠭᠡᠷᠡᠭᠰᠡᠨ ‍ᠣ ᠣᠯᠣᠭᠰᠠᠨ ᠠᠮᠵᠢᠯᠲᠠ ᠶ᠋ᠢᠨ ᠰᠠᠷᠬᠤᠳ ᠢ᠋ᠶ᠋ᠠᠨ ᠰᠢᠮᠡᠨ ᠪᠠᠶᠠᠰᠬᠤ ᠶ᠋ᠢᠨ ᠵᠡᠷᠭᠡᠪᠡᠷ ᠪᠠᠰᠠ ᠨᠡᠩ ᠥᠨᠳᠦᠷ ᠣᠶᠤᠨ ᠤᠬᠠᠭᠠᠨ ᠪᠠ ᠤᠷᠠᠯᠢᠭ ᠤ᠋ᠨ ᠲᠡᠭᠷᠢ ᠵᠢ ᠪᠠᠷᠠᠯᠠᠵᠤ ᠂ ᠰᠡᠳᠭᠢᠯ ᠢ᠋ᠶ᠋ᠡᠨ ᠤᠷᠠᠯᠠᠬᠤ ᠂ ᠤᠶᠠᠩᠭᠠᠨ ᠬᠤᠷ᠎ᠠ ᠲᠠᠲᠠᠬᠤ ᠂ ᠢᠷᠠᠭᠤ ᠦᠭᠡᠰ ᠦ᠋ᠨ ᠳᠠᠭᠤᠨ ᠳᠠᠭᠤᠷᠢᠰᠠᠭᠤᠯᠬᠤ ᠂ ᠦᠵᠡᠯ ᠰᠠᠨᠠᠭᠠᠨ ‍ᠣ ᠥᠨᠳᠦᠷ ᠮᠠᠨᠳᠠᠯ ᠵᠦᠭ ᠮᠠᠴᠤᠬᠤ ᠂ ᠨᠡᠩ ᠰᠢᠮᠡᠲᠦ ᠨᠡᠩ ᠠᠩᠬᠢᠯᠤᠮ᠎ᠠ ᠤᠶᠠᠩᠭᠠᠨ ᠬᠤᠷ᠎ᠠ ᠪᠡᠨ ᠤᠩᠰᠢᠭᠴᠢ ᠲᠦᠮᠡᠨ ‍ᠳ᠋ᠡᠭᠡᠨ ᠡᠷᠭᠦᠬᠦ ᠪᠡᠷ ᠪᠢᠷ ᠢ᠋ᠶ᠋ᠡᠨ ᠨᠡᠩ ᠬᠤᠷᠴᠠᠯᠠᠨ ᠪᠠᠢᠨ᠎ᠠ ᠃