ᠨᠡᠷ᠎ᠡ:
ᠪᠣᠷᠵᠢᠭᠢᠨ ᠯᠤᠤ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠪᠣᠷᠵᠢᠭᠢᠨ ᠯᠤᠤ ︵ ᠪᠤᠤ ᠯᠦᠩ ︶ ᠂ ᠳᠡᠭᠡᠷ᠎ᠡ ᠵᠠᠭᠤᠨ ᠤ ᠳᠠᠯᠠᠭᠠᠳ ᠣᠨ ᠤ᠋ ᠪᠣᠳᠠᠭᠠᠯᠢ ᠂ ᠴᠣᠬᠤᠷ ᠬᠠᠯᠬ᠎ᠠ ᠶᠢᠨ ᠬᠥᠮᠦᠨ ᠂ ᠡᠴᠢᠭᠡ ᠷᠠᠳᠨᠠᠰᠠᠩᠪᠤ ᠪᠠ ᠡᠭᠡ ᠲᠢᠶᠠᠨᠰᠢᠶᠠᠩ ᠤᠨ ᠢᠶᠠᠨ ᠣᠳᠭᠤᠨ ᠬᠥᠪᠡᠭᠦᠨ ᠂ ᠬᠦᠷᠢᠶ᠎ᠡ ᠬᠣᠰᠢᠭᠤᠨ ᠳ᠋ᠤ᠌ ᠨᠤᠲᠤᠭ ᠲᠠᠢ ᠂ ᠲᠠᠷᠬᠠᠨ ᠬᠣᠰᠢᠭᠤᠨ ᠳ᠋ᠤ᠌ ᠠᠯᠪᠠ ᠲᠠᠢ ᠃ 1990 ᠣᠨ ᠳ᠋ᠣ ᠠᠵᠢᠯ ᠳ᠋ᠣ ᠭᠠᠷᠪᠠ ᠃ 16 ᠵᠢᠯ ᠪᠠᠭᠰᠢᠯᠠᠪᠠ ᠃ ᠬᠣᠵᠢᠮ ᠨᠢ ᠰᠣᠶᠤᠯ ᠤ᠋ᠨ ᠠᠵᠢᠯ ᠬᠢᠪᠡ ᠃ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ 2009 ᠣᠨ ᠤ᠋ ᠤᠳᠭ᠎ᠠ ᠵᠣᠬᠢᠶᠠᠯ ᠰᠤᠳᠤᠯᠬᠤ ᠠᠩᠭᠢ ᠶ᠋ᠢᠨ ᠰᠤᠷᠤᠯᠭᠠᠲᠠᠨ ᠂ ᠯᠦ ᠰᠢᠶᠦ᠋ᠨ ᠤᠳᠭ᠎ᠠ ᠵᠣᠬᠢᠶᠠᠯ ᠤ᠋ᠨ ᠳᠡᠭᠡᠳᠦ ᠰᠤᠷᠭᠠᠭᠤᠯᠢ ᠶᠢᠨ26 ᠳ᠋ᠣᠭᠠᠷ ᠬᠤᠭᠤᠴᠠᠭᠠᠨ ᠤ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠪᠣᠯᠪᠠᠰᠤᠷᠠᠯ ᠤ᠋ᠨ ᠠᠩᠭᠢ ᠶᠢᠨ ᠰᠤᠷᠤᠯᠭᠠᠲᠠᠨ ᠂ ᠤᠳᠭ᠎ᠠ ᠵᠣᠬᠢᠶᠠᠯ ᠣᠨ ᠮᠠᠰᠲ᠋ᠧᠷ ᠃ ᠳᠤᠮᠳᠠᠳᠤ ᠤᠯᠤᠰ ᠤᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠥᠪᠦᠷ ᠮᠣᠩᠭᠤᠯ ᠤ᠋ᠨ ᠠᠷᠠᠳ ᠤᠨ ᠠᠮᠠᠨ ᠵᠣᠬᠢᠶᠠᠯᠴᠢᠳ ᠤᠷᠠᠯᠢᠭᠴᠢᠳ ᠤᠨ ᠡᠪᠯᠡᠯ ᠦ᠋ᠨ ᠭᠡᠰᠢᠭᠦᠨ ᠂ ᠲᠦᠩᠯᠢᠶᠣᠤ ᠬᠣᠲᠠ ᠶ᠋ᠢᠨ ᠵᠣᠬᠢᠶᠠᠯᠴᠢᠳ ᠤ᠋ᠨ ᠡᠪᠯᠡᠯ ᠦ᠋ᠨ ᠳᠡᠳ᠋ ᠲᠡᠷᠢᠭᠦᠯᠡᠭᠴᠢ ᠂ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ᠋ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠡᠪᠯᠡᠯ ᠦ᠋ᠨ ᠲᠡᠷᠢᠭᠦᠯᠡᠭᠴᠢ ᠃ ᠲᠡᠷᠡ 1986 ᠣᠨ ᠠ᠋ᠴᠠ ᠡᠬᠢᠯᠡᠨ ᠵᠣᠬᠢᠶᠠᠨ ᠪᠦᠲᠦᠭᠡᠵᠦ ᠂ ᠣᠳᠣ ᠪᠣᠯᠲᠠᠯ᠎ᠠ ᠣᠷᠤᠨ ᠤ᠋ ᠳᠣᠲᠤᠨ᠎ᠠ ᠭᠠᠳᠠᠨᠠᠬᠢ ᠰᠣᠨᠢᠨ ᠰᠡᠳᠭᠦᠯ ᠳ᠋ᠦ᠍ ᠵᠢᠷᠭᠤᠭᠠᠨ ᠵᠠᠭᠤ ᠭᠠᠷᠤᠢ ᠰᠢᠯᠦᠭ ᠪᠦᠲᠦᠭᠡᠯ ᠢ᠋ᠶ᠋ᠡᠨ ᠨᠡᠢᠲᠡᠯᠡᠪᠡ ᠃ ︽ ᠣᠪᠤᠭᠠᠨ ᠳ᠋ᠤ᠌ ᠨᠡᠮᠡᠭᠰᠡᠨ ᠴᠢᠯᠠᠭᠤ ︾ ᠂ ︽ ᠬᠥᠬᠡ ᠲᠣᠯᠪᠤ ᠲᠠᠢ ᠭᠠᠵᠠᠷ ᠤᠨ ᠵᠢᠷᠤᠭ ︾ ᠂ ︽ ᠳᠠᠯᠠᠪᠴᠢ ᠶᠢᠨ ᠥᠩᠭᠡ ᠲᠠᠢ ᠲᠡᠭᠷᠢ ︾ ᠭᠡᠬᠦ ᠭᠤᠷᠪᠠᠨ ᠰᠢᠯᠦᠭ ᠣᠨ ᠲᠡᠭᠦᠪᠦᠷᠢ ᠲᠠᠢ ᠃ ︽ ᠳᠣᠮᠤᠭ ᠤ᠋ᠨ ᠨᠣᠭᠤᠭᠠᠨ ᠠᠷᠠᠯ ︾ ᠭᠡᠬᠦ ᠳᠥᠷᠪᠡᠳᠦᠭᠡᠷ ᠰᠢᠯᠦᠭ ᠦ᠋ᠨ ᠲᠡᠭᠦᠪᠦᠷᠢ ᠪᠡᠨ ᠣᠳᠣ ᠶᠠᠭ ᠬᠡᠪᠯᠡᠯ ᠳ᠋ᠦ᠍ ᠪᠡᠯᠡᠳᠭᠡᠵᠦ ᠪᠤᠢ ᠃ ᠲᠤᠰ ᠲᠡᠭᠦᠪᠦᠷᠢ ᠨᠢ 2017 ᠣᠨ ᠤ᠋ ᠳᠤᠮᠳᠠᠳᠤ ᠤᠯᠤᠰ ᠤᠨ ᠵᠣᠬᠢᠶᠠᠯᠴᠢᠳ ᠤ᠋ᠨ ᠡᠪᠯᠡᠯ ᠦ᠋ᠨ ᠴᠥᠭᠡᠨ ᠲᠣᠭᠠᠲᠤ ᠦᠨᠳᠦᠰᠦᠲᠡᠨ ᠦ᠌ ᠭᠣᠣᠯᠳᠠᠯᠭᠠᠲᠤ ᠪᠦᠲᠦᠭᠡᠯ ᠢ ᠳᠡᠮᠵᠢᠬᠦ ᠢᠨᠵᠧᠨᠧᠷᠢᠩ ᠳ᠋ᠦ᠍ ᠰᠣᠩᠭᠤᠭᠳᠠᠪᠠ ᠃ 2003 ᠣᠨ ᠳ᠋ᠤ᠌ ᠲᠦᠩᠯᠢᠶᠣᠤ ᠬᠣᠲᠠ ᠶ᠋ᠢᠨ ᠤᠳᠭ᠎ᠠ ᠤᠷᠠᠯᠢᠭ ᠤ᠋ᠨ ᠬᠢᠨ ᠦ᠌ ᠬᠣᠯᠪᠤᠭ᠎ᠠ ᠂ ᠵᠣᠬᠢᠶᠠᠯᠴᠢᠳ ᠤ᠋ᠨ ᠡᠪᠯᠡᠯ ᠂ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ᠋ ᠰᠢᠪᠡᠭᠡᠬᠤᠸᠠ ᠪᠠᠯᠭᠠᠰᠤ ᠶᠢᠨ ᠨᠠᠮ ᠤᠨ ᠬᠣᠷᠢᠶ᠎ᠠ ᠵᠠᠰᠠᠭ ᠤᠨ ᠣᠷᠳᠤᠨ ᠬᠠᠮᠲᠤᠷᠠᠨ ︽ ᠵᠠᠯᠠᠭᠤ ᠰᠢᠯᠦᠭᠴᠢ ᠪᠣᠷᠵᠢᠭᠢᠨ ᠯᠤᠤ ᠶᠢᠨ ᠵᠣᠬᠢᠶᠠᠯ ᠪᠦᠲᠦᠭᠡᠯ ᠢ ᠰᠤᠳᠤᠯᠤᠨ ᠶᠠᠷᠢᠯᠴᠠᠬᠤ ᠬᠤᠷᠠᠯ ᠵᠢᠴᠢ ︿ ᠣᠪᠤᠭᠠᠨ ᠳ᠋ᠤ᠌ ᠨᠡᠮᠡᠭᠰᠡᠨ ᠴᠢᠯᠠᠭᠤ ﹀ ᠨᠣᠮ ᠢ᠋ ᠠᠩᠬ᠎ᠠ ᠲᠠᠷᠬᠠᠭᠠᠬᠤ ᠶᠣᠰᠣᠯᠠᠯ ︾ ᠢ ᠡᠷᠬᠢᠯᠡᠪᠡ ᠃ 2006 ᠣᠨ ᠳ᠋ᠤ᠌ ᠂ ᠥᠪᠦᠷ ᠮᠣᠩᠭᠤᠯ ᠤ᠋ᠨ ᠪᠠᠭᠰᠢ ᠶᠢᠨ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠂ ᠰᠢᠭᠦᠮᠵᠢᠯᠡᠭᠴᠢᠳ ᠦ᠋ᠨ ᠡᠪᠯᠡᠯ ᠡᠴᠡ ᠬᠠᠮᠲᠤᠷᠠᠨ ᠡᠷᠬᠢᠯᠡᠭᠰᠡᠨ ︽ ᠬᠣᠷᠴᠢᠨ ᠤ᠋ ᠵᠠᠯᠠᠭᠤ ᠰᠢᠯᠦᠭᠴᠢᠳ ᠦ᠋ᠨ ᠵᠣᠬᠢᠶᠠᠯ ᠪᠦᠲᠦᠭᠡᠯ ᠢ ᠰᠤᠳᠤᠯᠤᠨ ᠶᠠᠷᠢᠯᠴᠠᠬᠤ ᠬᠤᠷᠠᠯ ︾ ᠳᠡᠭᠡᠷ᠎ᠡ ᠰᠢᠭᠦᠮᠵᠢᠯᠡᠭᠴᠢ ᠨᠠᠷ ᠲᠡᠭᠦᠨ ᠦ᠌ ᠰᠢᠯᠦᠭ ᠪᠦᠲᠦᠭᠡᠯ ᠦ᠋ᠨ ᠠᠮᠵᠢᠯᠲᠠ ᠶᠢ ᠳ᠋ᠦᠩᠨᠡᠵᠦ ᠂ ᠬᠣᠷᠴᠢᠨ ᠰᠢᠯᠦᠭᠴᠢ ᠶᠢᠨ ᠲᠥᠯᠦᠭᠡᠯᠡᠭᠴᠢ ᠭᠡᠵᠦ ᠦᠨᠡᠯᠡᠵᠡᠢ ᠃ 2012 ᠣᠨ ᠳ᠋ᠤ᠌ ᠂ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠂ ᠥᠪᠦᠷ ᠮᠣᠩᠭᠤᠯ ᠤ᠋ᠨ ᠰᠢᠭᠦᠮᠵᠢᠯᠡᠭᠴᠢᠳ ᠦ᠋ᠨ ᠡᠪᠯᠡᠯ ᠂ ︽ ᠠᠯᠲᠠᠨ ᠲᠦᠯᠬᠢᠭᠦᠷ ︾ ᠰᠡᠳᠭᠦᠯ ᠦ᠋ᠨ ᠬᠣᠷᠢᠶ᠎ᠠ ᠬᠠᠮᠲᠤᠷᠠᠨ ︽ ᠰᠢᠯᠦᠭᠴᠢ ᠪᠣᠷᠵᠢᠭᠢᠨ ᠯᠤᠤ ᠶᠢᠨ ᠵᠣᠬᠢᠶᠠᠯ ᠪᠦᠲᠦᠭᠡᠯ ᠢ ᠰᠤᠳᠤᠯᠤᠨ ᠶᠠᠷᠢᠯᠴᠠᠬᠤ ︾ ᠬᠤᠷᠠᠯ ᠢ ᠡᠷᠬᠢᠯᠡᠪᠡ ᠃2016 ᠣᠨ ᠤ᠋3 ᠰᠠᠷ᠎ᠠ ᠳ᠋ᠤ᠌ ᠥᠪᠦᠷ ᠮᠣᠩᠭᠤᠯ ᠤ᠋ᠨ ᠰᠢᠨ᠎ᠡ ᠤᠳᠭ᠎ᠠ ᠵᠣᠬᠢᠶᠠᠯ ᠰᠤᠳᠤᠯᠬᠤ ᠬᠤᠷᠠᠯᠲᠠᠢ ᠂ ︽ ᠵᠢᠷᠢᠮ ᠦ᠋ᠨ ᠤᠷᠠᠨ ᠵᠣᠬᠢᠶᠠᠯ ︾ ᠰᠡᠳᠭᠦᠯ ᠦ᠋ᠨ ᠨᠠᠢᠷᠠᠭᠤᠯᠬᠤ ᠬᠡᠯᠲᠡᠰ ᠂ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ᠋ ᠤᠳᠭ᠎ᠠ ᠤᠷᠠᠯᠢᠭ ᠤ᠋ᠨ ᠬᠢᠨ ᠦ᠌ ᠬᠣᠯᠪᠤᠭ᠎ᠠ ᠠ᠋ᠴᠠ ︽ ᠰᠢᠯᠦᠭᠴᠢ ᠪᠣᠷᠵᠢᠭᠢᠨ ᠯᠤᠤ ᠶᠢᠨ ᠵᠣᠬᠢᠶᠠᠯ ᠪᠦᠲᠦᠭᠡᠯ ᠢ ᠰᠤᠳᠤᠯᠤᠨ ᠶᠠᠷᠢᠯᠴᠠᠬᠤ ᠬᠤᠷᠠᠯ ᠵᠢᠴᠢ ︿ ᠳᠠᠯᠠᠪᠴᠢ ᠶᠢᠨ ᠥᠩᠭᠡ ᠲᠠᠢ ᠲᠡᠭᠷᠢ ﹀ ᠨᠣᠮ ᠢ᠋ ᠠᠩᠬ᠎ᠠ ᠲᠠᠷᠬᠠᠭᠠᠬᠤ ᠶᠣᠰᠣᠯᠠᠯ ︾ ᠢ ᠠᠮᠵᠢᠯᠲᠠ ᠲᠠᠢ ᠬᠢᠪᠡ ᠃ ᠪᠣᠷᠵᠢᠭᠢᠨ ᠯᠤᠤ1999 ᠣᠨ ᠳ᠋ᠤ᠌ ︽ ᠥᠪ ᠬᠥᠷᠦᠩᠭᠡ ︾ ᠭᠡᠬᠦ ᠮᠥᠴᠡᠯᠭᠡ ᠰᠢᠯᠦᠭ ᠢ᠋ᠶ᠋ᠡᠷ ᠢ᠋ᠶ᠋ᠡᠨ ︽ ᠬᠣᠷᠴᠢᠨ ᠤᠷᠠᠨ ᠪᠦᠲᠦᠭᠡᠯ ︾ ᠤᠨ ᠱᠠᠩᠨᠠᠯ ᠬᠦᠷᠲᠡᠵᠦ ᠂ 2008 ᠣᠨ ᠳ᠋ᠤ᠌ ᠲᠦᠩᠯᠢᠶᠣᠤ ᠬᠣᠲᠠ ᠶ᠋ᠢᠨ ︽ ᠮᠣᠩᠭᠤᠯ ᠦᠭᠡ ᠬᠡᠯᠡ ᠦᠰᠦᠭ ᠪᠢᠴᠢᠭ ᠬᠡᠷᠡᠭᠯᠡᠭᠰᠡᠨ ᠲᠡᠷᠢᠭᠦᠨ ᠦ᠌ ᠬᠥᠮᠦᠨ ︾ ᠢᠶᠠᠷ ᠬᠥᠬᠢᠭᠦᠯᠦᠭᠳᠡᠨ ᠂ 2013 ᠣᠨ ᠳ᠋ᠤ᠌ ︽ ᠨᠡᠭᠦᠳᠡᠯ ᠦ᠋ᠨ ᠭᠤᠷᠪᠠᠨ ᠥᠩᠭᠡ ︾ ᠭᠡᠬᠦ ᠮᠥᠴᠡᠯᠭᠡ ᠰᠢᠯᠦᠭ ᠢ᠋ᠶ᠋ᠡᠷ ᠢ᠋ᠶ᠋ᠡᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠷᠪᠠᠳᠤᠭᠠᠷ ᠬᠤᠭᠤᠴᠠᠭᠠᠨ ᠤ ᠤᠳᠭ᠎ᠠ ᠵᠣᠬᠢᠶᠠᠯ ᠤ᠋ᠨ ᠵᠣᠬᠢᠶᠠᠨ ᠪᠦᠲᠦᠭᠡᠯᠭᠡ ᠶᠢᠨ ︽ ᠰᠣᠯᠤᠩᠭ᠎ᠠ ︾ ᠱᠠᠩᠨᠠᠯ ᠬᠦᠷᠲᠡᠵᠦ ᠂ 2015 ᠣᠨ ᠳ᠋ᠤ᠌ ︽ ᠮᠣᠳᠤᠨ ᠤ᠋ ᠭᠦᠨ ᠤᠬᠠᠭᠠᠨ ︾ ᠭᠡᠬᠦ ᠮᠥᠴᠡᠯᠭᠡ ᠰᠢᠯᠦᠭ ᠢ᠋ᠶ᠋ᠡᠷ ᠢ᠋ᠶ᠋ᠡᠨ ᠮᠣᠩᠭᠤᠯ ᠤᠷᠠᠨ ᠵᠣᠬᠢᠶᠠᠯ ᠤ᠋ᠨ ︽ ᠥᠭᠡᠳᠡ ︾ ᠱᠠᠩᠨᠠᠯ ᠬᠦᠷᠲᠡᠵᠦ ᠂ 2017 ᠣᠨ ᠳ᠋ᠤ᠌ ᠲᠦᠩᠯᠢᠶᠣᠤ ᠬᠣᠲᠠ ᠶ᠋ᠢᠨ 5.1 ᠤ ᠬᠥᠳᠡᠯᠮᠦᠷᠢ ᠶ᠋ᠢᠨ ᠮᠧᠲ᠋ᠠᠯ ᠢᠶᠠᠷ ᠡᠩᠭᠡᠷ ᠢᠶᠡᠨ ᠮᠢᠯᠢᠶᠠᠯᠭᠠᠵᠤ ᠂ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ᠋ ︽ ᠳᠠᠷᠬᠠᠨ ᠤ ᠴᠢᠳᠠᠪᠤᠷᠢᠲᠠᠨ ︾ ᠢᠶᠠᠷ ᠴᠣᠯᠠᠯᠠᠭᠳᠠᠪᠠ ᠃
Copyight 2016 by nmgmzw.gov.cn All Rights Reserved