ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠣᠷᠤᠨᠤᠳ ᠡᠷᠳᠡᠨᠢᠲᠣᠭᠲᠠᠬᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠣᠷᠤᠨᠤᠳ ᠡᠷᠳᠡᠨᠢᠲᠣᠭᠲᠠᠬᠤ ᠂ 1968 ᠣᠨ ‍ᠳ᠋ᠥ ᠰᠢᠯᠤᠭᠤᠨ ᠬᠥᠪᠡᠭᠡᠲᠦ ᠴᠠᠭᠠᠨ ᠬᠣᠰᠢᠭᠤᠨ ‍ᠣ ᠶᠡᠬᠡᠨᠠᠭᠤᠷ ᠰᠤᠮᠤᠨ ‍ᠣ ᠨᠤᠲᠤᠭ ᠲᠣ ᠤᠳᠤᠯᠳᠤ ᠬᠡᠮᠡᠬᠦ ᠭᠠᠵᠠᠷ ᠲᠥᠷᠦᠪᠡ ᠃ ᠤᠷᠢᠳ ᠬᠣᠵᠢᠳ ︽ ᠳᠣᠷᠤᠨᠠᠳᠠᠬᠢᠨ ᠺᠢᠨᠣ᠋ ᠤᠷᠠᠨ ᠵᠣᠬᠢᠶᠠᠯ ᠤ᠋ᠨ ᠪᠣᠯᠪᠠᠰᠤᠷᠠᠯ ᠤ᠋ᠨ ᠳᠡᠭᠡᠳᠦ ᠰᠤᠷᠭᠠᠭᠤᠯᠢ ︾ ᠂ ᠥᠪᠦᠷ ᠮᠣᠩᠭᠤᠯ ᠤ᠋ᠨ ᠶᠡᠬᠡ ᠰᠤᠷᠭᠠᠭᠤᠯᠢ  ᠶᠢᠨ ᠤᠳᠭ᠎ᠠ ᠵᠣᠬᠢᠶᠠᠯ ᠰᠤᠳᠤᠯᠬᠤ ᠠᠩᠭᠢ ᠵᠡᠷᠭᠡ ‍ᠳ᠋ᠥ ᠰᠤᠷᠤᠯᠴᠠᠵᠤ ᠥᠩᠭᠡᠷᠡᠵᠡᠢ ᠃ ᠡᠳᠦᠭᠡ ᠰᠢᠯᠤᠭᠤᠨ ᠬᠥᠪᠡᠭᠡᠲᠦ ᠴᠠᠭᠠᠨ ᠬᠣᠰᠢᠭᠤᠨ ‍ᠣ ᠰᠣᠨᠢᠨ ᠮᠡᠳᠡᠭᠡᠨ ‍ᠣ ᠲᠥᠪ ᠲᠣ ᠠᠵᠢᠯᠯᠠᠵᠤ ᠪᠠᠢᠨ᠎ᠠ ᠃ 1986 ᠣᠨ ‍ᠳ᠋ᠥ ᠠᠩᠬᠠᠨ ᠤ᠋ ‍ᠣ ᠥᠭᠦᠯᠡᠯᠭᠡ ᠪᠠᠨ ᠰᠢᠯᠢ  ᠶᠢᠨ ᠭᠣᠣᠯ ᠤ᠋ᠨ ᠡᠳᠦᠷ ᠦ᠋ᠨ ᠰᠣᠨᠢᠨ ‍ᠣ ︽ ᠡᠵᠢ ᠨᠠᠭᠤᠷ ᠪᠤᠯᠤᠩ ︾ ‍ᠳ᠋ᠥ ᠨᠡᠢᠲᠡᠯᠡᠭᠦᠯᠦᠭᠰᠡᠨ ᠡᠴᠡ ᠨᠠᠰᠢ ︽ ᠲᠡᠭᠷᠢ ᠶ᠋ᠢᠨ ᠬᠠᠲᠠᠪᠴᠢᠨ ‍ᠣ ᠡᠮᠦᠨ᠎ᠡ ︾ ᠂ ︽ ᠴᠠᠰᠤᠨ ᠪᠤᠷᠬᠠᠨ ︾ ᠭᠡᠬᠦ ᠬᠤᠶᠠᠷ ᠷᠣᠮᠠᠨ ᠬᠡᠪᠯᠡᠭᠦᠯᠵᠦ ᠂ ᠡᠳᠦᠭᠡ ︽ ᠨᠣᠮᠤᠬᠠᠨ ᠬᠡᠭᠡᠷ ᠦ᠋ᠨ ᠭᠣᠪᠢ ︾ ᠭᠡᠬᠦ ᠷᠣᠮᠠᠨ ᠢ᠋ᠶ᠋ᠠᠨ ᠪᠢᠴᠢᠵᠦ ᠳᠠᠭᠤᠰᠭᠠᠭᠠᠳ ᠪᠤᠢ ᠃ ᠡᠷᠲᠡ ᠪᠢᠴᠢᠭᠰᠡᠨ ᠨᠡᠯᠢᠶᠡᠳ ᠥᠭᠦᠯᠡᠯᠭᠡ ᠪᠣᠯᠤᠨ ᠣᠢᠷ᠎ᠠ ᠶ᠋ᠢᠨ ᠵᠢᠯ ‍ᠳ᠋ᠥ ᠪᠢᠴᠢᠭᠰᠡᠨ ᠨᠡᠢᠲᠡᠯᠡᠭᠳᠡᠭᠡ ᠦᠭᠡᠢ ᠥᠭᠦᠯᠡᠯᠭᠡ ᠨᠦ᠍ᠭᠦᠳ ᠡᠴᠡ ᠪᠠᠨ ᠰᠢᠯᠢᠭᠰᠡᠨ ︽ ᠠᠪᠤ  ᠶᠢᠨ ᠮᠣᠳᠤ ︾ ᠭᠡᠬᠦ ᠠᠩᠬᠠᠨ ᠤ᠋ ‍ᠣ ᠥᠭᠦᠯᠡᠯᠭᠡ ᠶ᠋ᠢᠨ ᠲᠡᠭᠦᠪᠦᠷᠢ ᠪᠠᠨ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ‍ᠳ᠋ᠥ ᠳᠡᠪᠰᠢᠭᠦᠯᠦᠭᠡᠳ ᠪᠠᠢᠨ᠎ᠠ ᠃ 1991 ᠣᠨ ‍ᠳ᠋ᠥ ︽ ᠰᠢᠯᠢ  ᠶᠢᠨ ᠭᠣᠣᠯ ᠤ᠋ᠨ ᠡᠳᠦᠷ ᠦ᠋ᠨ ᠰᠣᠨᠢᠨ ︾ ‍ᠣ ᠡᠵᠢ ᠨᠠᠭᠤᠷ ᠪᠤᠯᠤᠩ ᠠ᠋ᠴᠠ ᠡᠷᠬᠢᠯᠡᠭᠰᠡᠨ ᠪᠦᠬᠦ ᠠᠢᠮᠠᠭ ᠤ᠋ᠨ ᠮᠠᠯᠴᠢᠨ ᠵᠣᠬᠢᠶᠠᠭᠴᠢᠳ ᠤ᠋ᠨ ᠰᠢᠯᠦᠭ ᠦ᠋ᠨ ᠤᠷᠤᠯᠳᠤᠭᠠᠨ ‍ᠳ᠋ᠥ ︽ ᠬᠤᠯᠠ ‍ᠳ᠋ᠥ ᠬᠥᠬᠡᠷᠡᠬᠦ ᠨᠠᠷᠠᠨ ‍ᠣ ᠳᠠᠭᠤᠤ ︾ ᠭᠡᠬᠦ ᠰᠢᠯᠦᠭ ᠢ᠋ᠶ᠋ᠡᠷ ᠢ᠋ᠶ᠋ᠡᠨ ᠨᠢᠭᠡᠳᠦᠭᠡᠷ ᠳᠡᠰ ᠦ᠋ᠨ ᠱᠠᠩᠨᠠᠯ ᠬᠦᠷᠲᠡᠵᠦ ᠂ 1999 ᠣᠨ ‍ᠳ᠋ᠥ ︽ ᠥᠨᠢᠷ ᠴᠡᠴᠡᠭ ︾ ᠰᠡᠳᠭᠦᠯ ᠡᠴᠡ ᠡᠷᠬᠢᠯᠡᠭᠰᠡᠨ ᠪᠦᠬᠦ ᠣᠷᠤᠨ ‍ᠣ ᠰᠢᠯᠦᠭ ᠦ᠋ᠨ ᠤᠷᠤᠯᠳᠤᠭᠠᠨ ‍ᠳ᠋ᠥ ︽ ᠠᠷᠤᠭ ᠡᠭᠦᠷᠦᠭᠰᠡᠨ ᠡᠵᠢ ︾ ᠭᠡᠬᠦ ᠰᠢᠯᠦᠭ ᠢ᠋ᠶ᠋ᠡᠷ ᠢ᠋ᠶ᠋ᠡᠨ ᠨᠢᠭᠡᠳᠦᠭᠡᠷ ᠳᠡᠰ ᠦ᠋ᠨ ᠱᠠᠩᠨᠠᠯ ᠬᠦᠷᠲᠡᠪᠡ ᠃ 2003 ᠣᠨ ‍ᠳ᠋ᠥ ︽ ᠲᠡᠭᠷᠢ ᠶ᠋ᠢᠨ ᠬᠠᠲᠠᠪᠴᠢᠨ ‍ᠣ ᠡᠮᠦᠨ᠎ᠡ ︾ ᠭᠡᠬᠦ ᠷᠣᠮᠠᠨ ᠢ᠋ᠶ᠋ᠠᠷ ᠢ᠋ᠶ᠋ᠠᠨ ᠥᠪᠡᠷᠲᠡᠭᠡᠨ ᠵᠠᠰᠠᠬᠤ ᠣᠷᠤᠨ ‍ᠣ ᠣᠶᠤᠨ ‍ᠣ ᠪᠣᠯᠪᠠᠰᠤᠨ ‍ᠣ ᠪᠠᠢᠭᠤᠯᠤᠯᠲᠠ ᠶ᠋ᠢᠨ ︽ ᠲᠠᠪᠤᠨ ᠨᠢᠭᠡ ᠢᠨᠵᠧᠨᠧᠷᠢᠩ ︾ ᠤᠨ ᠱᠠᠩᠨᠠᠯ ᠬᠦᠷᠲᠡᠵᠦ ᠂ 2006 ᠣᠨ ‍ᠳ᠋ᠥ ᠮᠥᠨ ᠲᠤᠰ ᠷᠣᠮᠠᠨ ᠢ᠋ᠶ᠋ᠠᠷ ᠢ᠋ᠶ᠋ᠠᠨ ᠤᠳᠭ᠎ᠠ ᠵᠣᠬᠢᠶᠠᠯ ᠤ᠋ᠨ ︽ ᠰᠣᠯᠤᠩᠭ᠎ᠠ ︾ ᠱᠠᠩᠨᠠᠯ ᠬᠦᠷᠲᠡᠵᠡᠢ ᠃