ᠨᠡᠷ᠎ᠡ:
ᠥᠷᠯᠦᠭᠦᠳ · ᠴᠢᠨᠳᠠᠮᠤᠨᠢ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠥᠷᠯᠦᠭᠦᠳ · ᠴᠢᠨᠳᠠᠮᠤᠨᠢ ᠂ 1987 ᠣᠨ ᠤ᠋ 7 ᠰᠠᠷ᠎ᠠ ᠶᠢᠨ 7 ᠤ ᠡᠳᠦᠷ ᠂ ᠡᠬᠡ ᠤᠯᠤᠰ ᠤᠨ ᠤᠮᠠᠷᠠᠳᠤ ᠬᠢᠯᠢ ᠬᠢᠵᠠᠭᠠᠷ ᠣᠷᠤᠨ ᠤ᠋ ᠭᠣᠶᠤ ᠬᠡᠭᠡᠨᠴᠢᠷ ᠦᠵᠡᠮᠵᠢ ᠶᠢᠨ ᠱᠤᠭᠤᠮ ᠤᠨ ᠭᠡᠷᠡᠯᠲᠦ ᠰᠤᠪᠤᠳ ᠪᠣᠯᠤᠭᠰᠠᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠳᠡᠯᠡᠬᠡᠢ ᠶᠢᠷᠲᠢᠨᠴᠦ ᠶᠢ ᠳᠤᠯᠠᠭᠠᠴᠠᠭᠤᠯᠳᠠᠭ ᠴᠣᠯᠠ ᠲᠠᠢ ᠣᠷᠳᠤᠰ ᠬᠣᠲᠠ ᠶ᠋ᠢᠨ ᠦᠵᠡᠰᠭᠦᠯᠡᠩᠲᠦ ᠰᠠᠢᠬᠠᠨ ᠡᠮᠦᠨᠡᠲᠦ ᠣᠲᠤᠭ ᠤ᠋ᠨ ᠲᠡᠦᠬᠡ ᠰᠣᠶᠤᠯ ᠤ᠋ᠨ ᠥᠯᠦᠭᠡᠢ ᠪᠣᠯᠬᠤ ᠴᠠᠭᠠᠨᠲᠣᠯᠤᠭᠠᠢ ᠰᠤᠮᠤᠨ ︵ ᠣᠳᠣᠬᠠᠨ ᠤ᠋ ᠨᠠᠩᠰᠤ ᠪᠠᠯᠭᠠᠰᠤ ︶ ᠤ ᠨᠡᠷᠡᠲᠦ ᠵᠣᠬᠢᠶᠠᠯᠴᠢᠳ ᠴᠣᠯᠭᠤᠷᠠᠨ ᠭᠠᠷᠤᠭᠰᠠᠨ ᠪᠠᠶᠠᠨᠬᠤᠷᠠᠬᠤ ᠭᠠᠴᠠᠭ᠎ᠠ ᠶᠢᠨ ᠪᠠᠶᠠᠨᠥ᠌ᠨᠳᠦᠷ ᠪᠠᠷᠢᠭᠠᠳᠠ ᠳ᠋ᠤ᠌ ᠪᠠᠯᠠᠢ ᠶᠢ ᠠᠷᠢᠯᠭᠠᠬᠤ ᠪᠠᠭᠰᠢ ᠪᠦᠷᠢᠨᠴᠣᠭᠲᠤ ᠡᠷᠬᠡᠴᠡᠴᠡᠭ ᠦ᠋ᠨ ᠤᠤᠭᠠᠨ ᠥᠬᠢᠨ ᠨᠢ ᠪᠣᠯᠵᠤ ᠵᠠᠶᠠᠭᠠᠵᠠᠢ ᠃ 2012 ᠣᠨ ᠳ᠋ᠤ᠌ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠮᠣᠩᠭᠤᠯ ᠬᠡᠯᠡ ᠤᠳᠭ᠎ᠠ ᠵᠣᠬᠢᠶᠠᠯ ᠤ᠋ᠨ ᠰᠠᠯᠪᠤᠷᠢ ᠠᠴᠠ ᠠᠰᠫᠢᠷᠠᠨᠲ ᠤ᠋ᠨ ᠰᠤᠷᠤᠯᠭ᠎ᠠ ᠪᠠᠨ ᠲᠡᠭᠦᠰᠭᠡᠵᠦ ᠂ ᠣᠳᠣ ᠣᠷᠳᠤᠰ ᠬᠣᠲᠠ ᠶ᠋ᠢᠨ ᠳ᠋ᠦᠩᠱᠧᠩ ᠲᠣᠭᠤᠷᠢᠭ ᠤ᠋ᠨ ᠦᠨᠳᠦᠰᠦᠲᠡᠨ ᠱᠠᠰᠢᠨ ᠰᠤᠷᠲᠠᠬᠤᠨ ᠤ ᠬᠡᠷᠡᠭ ᠡᠷᠬᠢᠯᠡᠬᠦ ᠲᠣᠪᠴᠢᠶ᠎ᠠ ᠳ᠋ᠤ᠌ ᠮᠣᠩᠭᠤᠯ ᠬᠡᠯᠡ ᠪᠢᠴᠢᠭ ᠦ᠋ᠨ ᠠᠵᠢᠯ ᠢ ᠬᠠᠷᠢᠭᠤᠴᠠᠨ ᠬᠢᠵᠦ ᠪᠠᠢᠨ᠎ᠠ ᠃ 2004 ᠣᠨ ᠳ᠋ᠤ᠌ ᠥᠪᠦᠷ ᠮᠣᠩᠭᠤᠯ ᠤ᠋ᠨ ᠶᠡᠬᠡ ᠰᠤᠷᠭᠠᠭᠤᠯᠢ ᠳ᠋ᠤ᠌ ᠰᠢᠯᠭᠠᠭᠳᠠᠨ ᠣᠷᠤᠵᠤ ᠂ ᠶᠡᠬᠡ ᠰᠤᠷᠭᠠᠭᠤᠯᠢ ᠶᠢᠨ ᠦᠨᠳᠦᠰᠦᠨ ᠠᠩᠭᠢ ᠳ᠋ᠤ᠌ ᠪᠠᠢᠬᠤ ᠬᠤᠭᠤᠴᠠᠭᠠᠨ ᠳ᠋ᠤ᠌ ᠪᠠᠨ ︽ ᠮᠣᠩᠭᠤᠯ ᠦᠨᠳᠦᠰᠦᠲᠡᠨ ᠦ᠌ ᠪᠥᠭᠡ ᠮᠥᠷᠭᠦᠯ ᠦ᠋ᠨ ᠰᠤᠳᠤᠯᠭᠠᠨ ᠤ ᠵᠣᠬᠢᠶᠠᠯ ᠤ᠋ᠨ ᠬᠡᠯᠬᠢᠶᠡᠰᠦ ︾ ᠭᠡᠬᠦ ᠣᠶᠤᠲᠠᠨ ᠤ᠋ ᠰᠤᠳᠤᠯᠭᠠᠨ ᠤ ᠰᠡᠳᠦᠪ ᠢ ᠳᠠᠭᠠᠭᠠᠴᠢᠯᠠᠨ ᠠᠪᠴᠤ ᠨᠠᠢᠷᠠᠭᠤᠯᠪᠠ ᠂ 2006 ᠣᠨ ᠳ᠋ᠤ᠌ ᠲᠤᠰ ᠰᠤᠳᠤᠯᠭᠠᠨ ᠤ ᠪᠦᠲᠦᠭᠡᠯ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠮᠣᠩᠭᠤᠯ ᠬᠡᠯᠡ ᠤᠳᠭ᠎ᠠ ᠵᠣᠬᠢᠶᠠᠯ ᠤ᠋ᠨ ᠰᠠᠯᠪᠤᠷᠢ ᠶᠢᠨ ᠳᠣᠲᠤᠭᠠᠳᠤ ᠶ᠋ᠢᠨ ᠮᠠᠲ᠋ᠧᠷᠢᠶᠠᠯ ᠪᠣᠯᠪᠠ ᠃ 2008 ᠣᠨ ᠳ᠋ᠤ᠌ ᠶᠡᠬᠡ ᠰᠤᠷᠭᠠᠭᠤᠯᠢ ᠶᠢᠨ ᠦᠨᠳᠦᠰᠦᠨ ᠠᠩᠭᠢ ᠶ᠋ᠢᠨ ᠲᠡᠭᠦᠰᠬᠦ ᠥᠭᠦᠯᠡᠯ ︽ ᠭᠠᠩᠵᠣᠷᠢᠭᠲᠤ ᠶ᠋ᠢᠨ ᠬᠣᠯᠪᠤᠭ᠎ᠠ ᠪᠦᠲᠦᠭᠡᠯ ᠦ᠋ᠨ ᠤᠷᠠᠯᠢᠭ ᠰᠢᠨᠵᠢ ᠶᠢᠨ ᠰᠤᠳᠤᠯᠤᠯ ︾ ᠨᠢ ᠳᠤᠮᠳᠠᠳᠤ ᠤᠯᠤᠰ ᠤᠨ ︽ ᡁᠢ ᠸᠠᠩ ︾ ᠰᠦᠯᠵᠢᠶ᠎ᠡ ᠳ᠋ᠦ᠍ ᠨᠡᠢᠲᠡᠯᠡᠭᠳᠡᠪᠡ ᠃ 2012 ᠣᠨ ᠳ᠋ᠤ᠌ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠠᠴᠠ ᠠᠰᠫᠢᠷᠠᠨᠲ ᠤ᠋ᠨ ᠰᠤᠷᠤᠯᠭ᠎ᠠ ᠪᠠᠨ ᠲᠡᠭᠦᠰᠭᠡᠵᠦ ᠂ ︽ ᠢᠨᠵᠠᠨᠨᠠᠰᠢ ᠶᠢᠨ ᠶᠣᠵᠤᠲᠤ ᠥᠭᠦᠯᠡᠯ ᠦ᠋ᠨ ᠤᠷᠠᠯᠢᠭ ᠰᠢᠨᠵᠢ ᠶᠢᠨ ᠰᠤᠳᠤᠯᠤᠯ ︾ ᠭᠡᠬᠦ ᠴᠣᠯᠠ ᠬᠠᠮᠠᠭᠠᠯᠠᠬᠤ ᠥᠭᠦᠯᠡᠯ ᠨᠢ ᠳᠤᠮᠳᠠᠳᠤ ᠤᠯᠤᠰ ᠤᠨ ︽ ᡁᠢ ᠸᠠᠩ ︾ ᠰᠦᠯᠵᠢᠶ᠎ᠡ ᠳ᠋ᠦ᠍ ᠨᠡᠢᠲᠡᠯᠡᠭᠳᠡᠪᠡ ᠃ 2013 ᠣᠨ ᠳ᠋ᠤ᠌ ᠠᠵᠢᠯ ᠳ᠋ᠤ᠌ ᠭᠠᠷᠤᠭᠰᠠᠨ ᠠᠴᠠ ᠡᠬᠢᠯᠡᠭᠡᠳ ᠨᠡᠯᠢᠶᠡᠳ ᠪᠦᠲᠦᠭᠡᠯ ᠨᠢ ᠨᠡᠢᠲᠡᠯᠡᠭᠳᠡᠪᠡ ᠃ ᠵᠢᠱ᠌ᠢᠶᠡᠯᠡᠪᠡᠯ ᠄ ᠨᠢᠭᠡ ᠂ ︽ ᠢᠨᠵᠠᠨᠨᠠᠰᠢ ᠶᠢᠨ ᠶᠣᠵᠤᠲᠤ ᠥᠭᠦᠯᠡᠯ ᠦ᠋ᠨ ᠰᠤᠳᠤᠯᠭᠠᠨ ᠤ ᠪᠠᠢᠳᠠᠯ ︾ ᠭᠡᠬᠦ ᠥᠭᠦᠯᠡᠯ ᠨᠢ 2014 ᠣᠨ ᠳ᠋ᠤ᠌ ︽ ᠠᠯᠲᠠᠨ ᠭᠠᠨᠳᠠᠷᠢ ︾ ᠰᠡᠳᠭᠦᠯ ᠦ᠋ᠨ ᠭᠤᠷᠪᠠᠳᠤᠭᠠᠷ ᠬᠤᠭᠤᠴᠠᠭ᠎ᠠ ᠳ᠋ᠤ᠌ ᠨᠡᠢᠲᠡᠯᠡᠭᠳᠡᠪᠡ ᠃ ᠬᠤᠶᠠᠷ ᠂ ︽ ᠮᠣᠩᠭᠤᠯ ᠦᠨᠳᠦᠰᠦᠲᠡᠨ ᠦ᠌ ᠵᠦᠢᠷ ᠰᠡᠴᠡᠨ ᠦᠭᠡ ᠶᠢᠨ ᠰᠤᠳᠤᠯᠭᠠᠨ ︾ ᠭᠡᠬᠦ ᠥᠭᠦᠯᠡᠯ ᠨᠢ 2014 ᠣᠨ ᠳ᠋ᠤ᠌ ︽ ᠵᠢᠯᠤᠭᠤᠨ ᠭᠣᠣᠯ ︾ ᠰᠡᠳᠭᠦᠯ ᠦ᠋ᠨ ᠨᠢᠭᠡᠳᠦᠭᠡᠷ ᠬᠤᠭᠤᠴᠠᠭ᠎ᠠ ᠳ᠋ᠤ᠌ ᠨᠡᠢᠲᠡᠯᠡᠭᠳᠡᠪᠡ ᠃ᠭᠤᠷᠪᠠ ᠂ ︽ ᠮᠣᠩᠭᠤᠯ ᠦᠨᠳᠦᠰᠦᠲᠡᠨ ᠦ᠌ ᠪᠥᠭᠡ ᠮᠥᠷᠭᠦᠯ ᠦ᠋ᠨ ᠲᠤᠬᠠᠢ ᠤᠴᠢᠷᠯᠠᠯ ︾ ᠭᠡᠬᠦ ᠥᠭᠦᠯᠡᠯ ᠨᠢ 2015 ᠣᠨ ᠳ᠋ᠤ᠌ ︽ ᠵᠢᠯᠤᠭᠤᠨ ᠭᠣᠣᠯ ︾ ᠰᠡᠳᠭᠦᠯ ᠦ᠋ᠨ ᠨᠢᠭᠡᠳᠦᠭᠡᠷ ᠬᠤᠭᠤᠴᠠᠭ᠎ᠠ ᠳ᠋ᠤ᠌ ᠨᠡᠢᠲᠡᠯᠡᠭᠳᠡᠪᠡ ᠃ᠳᠥᠷᠪᠡ ᠂ ︽ ᠢᠨᠵᠠᠨᠨᠠᠰᠢ ᠶᠢᠨ ᠶᠣᠵᠤᠲᠤ ᠥᠭᠦᠯᠡᠯ ᠦ᠋ᠨ ᠤᠷᠠᠯᠢᠭ ᠰᠢᠨᠵᠢ ᠶᠢᠨ ᠬᠠᠷᠢᠴᠠᠭᠤᠯᠤᠭᠰᠠᠨ ᠰᠤᠳᠤᠯᠭᠠᠨ ︾ ᠭᠡᠬᠦ ᠥᠭᠦᠯᠡᠯ ᠨᠢ 2014 ᠣᠨ ᠳ᠋ᠤ᠌ ︽ ᠶᠡᠬᠡ ᠵᠤᠤ ︾ ᠰᠡᠳᠭᠦᠯ ᠦ᠋ᠨ ᠬᠣᠶᠠᠳᠤᠭᠠᠷ ᠬᠤᠭᠤᠴᠠᠭ᠎ᠠ ᠳ᠋ᠤ᠌ ᠨᠡᠢᠲᠡᠯᠡᠭᠳᠡᠪᠡ ᠃ ᠲᠠᠪᠤ ᠂ ︽ ᠠᠯᠪᠠᠨ ᠮᠡᠳᠡᠭᠡᠨ ᠦ᠌ ᠣᠷᠴᠢᠭᠤᠯᠭ᠎ᠠ ᠳ᠋ᠤ᠌ ᠠᠩᠬᠠᠷᠬᠤ ᠴᠢᠬᠤᠯᠠᠲᠠᠢ ᠵᠦᠢᠯ ᠦ᠋ᠨ ᠲᠤᠬᠠᠢ ︾ ᠭᠡᠬᠦ ᠥᠭᠦᠯᠡᠯ ᠨᠢ 2017 ᠣᠨ ᠳ᠋ᠤ᠌ ︽ ᠶᠡᠬᠡ ᠵᠤᠤ ︾ ᠰᠡᠳᠭᠦᠯ ᠦ᠋ᠨ ᠨᠢᠭᠡᠳᠦᠭᠡᠷ ᠬᠤᠭᠤᠴᠠᠭ᠎ᠠ ᠳ᠋ᠤ᠌ ᠨᠡᠢᠲᠡᠯᠡᠭᠳᠡᠪᠡ ᠃ ᠵᠢᠷᠭᠤᠭ᠎ᠠ ᠂ ︽ ︿ ᠠᠢᠯ ᠤ᠋ᠨ ᠪᠠᠭᠤᠴᠠ ﹀ ᠶᠢ ᠰᠣᠨᠢᠷᠬᠠᠭᠠᠳ ︾ ᠭᠡᠬᠦ ᠥᠭᠦᠯᠡᠯ ᠨᠢ 2018 ᠣᠨ ᠳ᠋ᠤ᠌ ︽ ᠠᠯᠲᠠᠨ ᠲᠦᠯᠬᠢᠭᠦᠷ ︾ ᠰᠡᠳᠭᠦᠯ ᠦ᠋ᠨ ᠳᠥᠷᠪᠡᠳᠦᠭᠡᠷ ᠬᠤᠭᠤᠴᠠᠭ᠎ᠠ ᠳ᠋ᠤ᠌ ᠨᠡᠢᠲᠡᠯᠡᠭᠳᠡᠪᠡ ᠃
Copyight 2016 by nmgmzw.gov.cn All Rights Reserved