ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠾᠧ ᠰᠢᠤ ᠯᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠾᠧ ᠰᠢᠤ ᠯᠠᠨ ᠂ ᠪᠢᠷ ᠦ᠋ᠨ ᠨᠡᠷ᠎ᠡ ᠲᠤᠯᠠᠭᠠᠨᠬᠡᠷᠡᠯ ᠂ ᠮᠢᠩᠭ᠎ᠠ ᠶᠢᠰᠦᠨ ᠵᠠᠭᠤ ᠵᠢᠷᠠᠨ ᠲᠤᠯᠤᠭᠠᠨ ᠣᠨ ᠤ᠋ ᠬᠤᠶᠠᠷ ᠰᠠᠷ᠎ᠠ  ᠶᠢᠨ ᠨᠢᠭᠡᠨ ᠳ᠋ᠦ᠍ ᠬᠢᠩᠭᠠᠨ ᠠᠢᠮᠠᠭ ᠤ᠋ᠨ ᠲᠦᠰᠢᠶᠡᠲᠦ ᠬᠣᠰᠢᠭᠤᠨ ᠤ᠋ ᠪᠠᠶᠠᠨᠮᠠᠡᠭᠬ᠎ᠠ ᠰᠤᠮᠤ  ᠶᠢᠨ ᠴᠦᠩᠬᠦ ᠶ᠋ᠢᠨ ᠠᠢᠯ ᠳ᠋ᠤ᠌ ᠠᠵᠢᠯᠴᠢ ᠠᠪᠤ ᠸᠴᠢᠷ ᠴᠠᠢᠯᠭᠠᠨ ᠪᠦᠰᠡᠭᠦᠢ ᠯᠢᠩᠬᠤ᠎ᠠ ᠳᠥᠷᠪᠡᠳᠦᠭᠡᠷ ᠬᠡᠦᠬᠡᠨ ᠨᠢ ᠪᠣᠯᠵᠤ ᠵᠠᠶᠠᠭᠠᠪᠠ ᠂ ᠲᠡᠭᠦᠰᠦᠭᠰᠡᠨ ᠰᠤᠷᠭᠠᠭᠤᠯᠢ ᠵᠤᠤ ᠤᠳᠠ  ᠶᠢᠨ ᠪᠠᠭᠰᠢ ᠶ᠋ᠢᠨ ᠲᠤᠰᠭᠠᠢ ᠮᠡᠷᠭᠡᠵᠢᠯ ᠦ᠋ᠨ ᠰᠤᠷᠭᠠᠭᠤᠯᠢ ᠂ ᠰᠤᠷᠤᠭᠰᠠᠨ ᠮᠡᠷᠭᠡᠵᠢᠯ ᠲᠣᠭᠠᠨ ᠤ᠋ ᠤᠬᠠᠭᠠᠨ ᠂ ᠠᠯᠪᠠᠨ ᠪᠠᠢᠭᠤᠯᠤᠯᠭ᠎ᠠ ᠬᠢᠩᠭᠠᠨ ᠠᠢᠮᠠᠭ ᠤ᠋ᠨ ᠬᠣᠷᠴᠢᠨ ᠪᠠᠷᠠᠭᠤᠨ ᠳᠤᠮᠳᠠᠳᠤ ᠬᠣᠰᠢᠭᠤᠨ ᠤ᠋ ᠪᠠᠶᠠᠨᠬᠣᠰᠢᠭᠤ ᠳᠥᠷᠪᠡᠳᠦᠭᠡᠷ ᠳᠤᠮᠳᠠᠳᠤ ᠰᠤᠷᠭᠠᠭᠤᠯᠢ ᠂ ᠡᠷᠬᠢᠯᠡᠭᠰᠡᠨ ᠠᠵᠢᠯ ᠠᠷᠠᠳ ᠤᠨ ᠪᠠᠭᠰᠢ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠃ ᠠᠩᠬᠠᠨ ᠤ᠋ ᠪᠦᠲᠦᠭᠡᠯ ︽ ᠨᠤᠲᠤᠭ ᠤ᠋ᠨ ᠮᠢᠨᠢ ᠴᠠᠭᠠᠨ ᠰᠠᠷ᠎ᠠ ︾ ᠭᠡᠬᠦ ᠨᠠᠢᠷᠠᠭᠤᠯᠤᠯ ᠢ᠋ᠶ᠋ᠠᠨ ︽ ᠬᠢᠩᠭᠠᠨ ᠤ᠋ ᠡᠳᠦᠷ ᠦ᠋ᠨ ᠰᠣᠨᠢᠨ ︾ ᠳ᠋ᠤ ᠨᠡᠢᠲᠡᠯᠡᠭᠦᠯᠦᠭᠰᠡᠨ ᠡᠴᠡ ᠨᠠᠰᠢ ︽ ᠬᠠᠭᠤᠴᠢᠨ ᠨᠤᠲᠤᠭ ᠬᠠᠭᠤᠷᠠᠢ ᠡᠯᠡᠰᠦ ︾ ᠂ ︽ ᠮᠠᠷᠲᠠᠬᠤ ᠶ᠋ᠢᠨ ᠠᠷᠭ᠎ᠠ ᠦᠭᠡᠢ ᠨᠥᠬᠥᠳ ︾ ᠂ ︽ ᠳᠠᠭᠤᠯᠠᠵᠤ ᠠᠮᠢᠳᠤᠷᠠᠬᠤ ᠰᠠᠢᠬᠠᠨ ᠨᠤᠲᠤᠭ ︱ ᠲᠦᠰᠢᠶᠡᠲᠦ ︾ ᠂ ︽ ᠮᠣᠷᠢᠨ ᠲᠠᠯ᠎ᠠ ︱ ᠮᠣᠩᠭᠤᠯ ᠤ᠋ᠨ ᠰᠠᠢᠬᠠᠨ ᠲᠠᠯ᠎ᠠ ︾ ᠂ ︽ ᠰᠡᠳᠭᠢᠯ ᠦ᠋ᠨ ᠭᠦᠨ ᠤᠷᠤᠭᠤ ᠰᠡᠮᠡᠷᠡᠨ ᠤᠷᠤᠰᠬᠤ ᠰᠣᠳᠤᠨ ᠴᠡᠩᠭᠡᠷ ᠠᠶᠠᠯᠭᠤ ︱ ᠲᠦᠰᠢᠶᠡᠲᠦ ᠠᠷᠠᠳ ᠤᠨ ᠳᠠᠭᠤᠤ ︾ ᠁ ᠵᠡᠷᠭᠡ ᠠᠯᠢ ᠤᠯᠠᠨ ᠪᠦᠲᠦᠭᠡᠯ ᠢ᠋ᠶ᠋ᠡᠨ ︽ ᠠᠯᠳᠠᠨ ᠬᠢᠩᠭᠠᠨ ︾ ᠂ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠂ ︽ ᠨᠡᠢᠭᠡᠮ ︾ ᠂ ︽ ᠰᠢᠷ᠎ᠠ ᠮᠥᠷᠡᠨ ︾ ᠂ ︽ ᠵᠢᠷᠢᠮ ᠦ᠋ᠨ ᠤᠷᠠᠨ ᠵᠣᠬᠢᠶᠠᠯ ︾ ᠵᠡᠷᠭᠡ ᠰᠣᠨᠢᠨ ᠰᠡᠳᠭᠦᠯ ᠳᠡᠭᠡᠷ᠎ᠡ ᠨᠡᠢᠲᠡᠯᠡᠭᠦᠯᠵᠦ ᠥᠩᠭᠡᠷᠡᠪᠡ ᠃ ᠬᠣᠶᠠᠷ ᠮᠢᠩᠭ᠎ᠠ ᠪᠥᠭᠡᠳ ᠠᠷᠪᠠᠨ ᠣᠨ ᠤ᠋ ᠠᠷᠪᠠᠨ ᠨᠢᠭᠡᠳᠦᠭᠡᠷ ᠰᠠᠷ᠎ᠠ ︽ ᠭᠸ‍ ᠂ ᠨᠠᠰᠤᠨᠪᠠᠶᠠᠷ ᠂ ᠲᠤᠯᠠᠭᠠᠨᠬᠡᠷᠡᠯ ᠤᠨ ᠨᠠᠢᠷᠠᠭᠤᠯᠤᠯ ᠤ᠋ᠨ ᠲᠡᠭᠦᠪᠦᠷᠢ ︾ ᠭᠡᠬᠦ ᠨᠣᠮ ᠢ᠋ᠶ᠋ᠠᠨ ᠥᠪᠦᠷ ᠮᠣᠩᠭᠤᠯ ᠤ᠋ᠨ ᠪᠠᠭᠰᠢ ᠶ᠋ᠢᠨ ᠶᠡᠬᠡ ᠰᠤᠷᠭᠠᠭᠤᠯᠢ  ᠶᠢᠨ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠨ ᠪᠦᠲᠦᠭᠡᠯᠭᠡ ᠶ᠋ᠢᠨ ᠰᠤᠳᠤᠯᠭᠠᠨ ᠤ ᠲᠥᠪ ᠲᠦ᠍ ᠬᠠᠳᠠᠭᠠᠯᠠᠭᠤᠯᠵᠠᠢ ᠃ ᠬᠣᠶᠠᠷ ᠮᠢᠩᠭ᠎ᠠ ᠪᠥᠭᠡᠳ ᠠᠷᠪᠠᠨ ᠭᠤᠷᠪᠠᠨ ᠣᠨ ᠳ᠋ᠤ᠌ ︽ ᠮᠢᠨᠤ ᠰᠠᠢᠬᠠᠨ ᠬᠢᠩᠭᠠᠨ ︾ ᠭᠡᠬᠦ ᠪᠦᠬᠦ ᠠᠢᠮᠠᠭ ᠤ᠋ᠨ ᠭᠤᠷᠪᠠᠳᠤᠭᠠᠷ ᠤᠳᠠᠭᠠᠨ ᠤ ᠨᠠᠢᠷᠠᠭᠤᠯᠤᠯ ᠤ᠋ᠨ ᠤᠷᠤᠯᠳᠤᠭᠠᠨ ᠳ᠋ᠤ᠌ ︽ ᠮᠣᠷᠢᠨ ᠲᠠᠯ᠎ᠠ ︱ ᠮᠣᠩᠭᠤᠯ ᠤ᠋ᠨ ᠮᠢᠨᠢ ᠰᠠᠢᠬᠠᠨ ᠲᠠᠯ᠎ᠠ ︾ ᠭᠡᠬᠦ ᠨᠠᠢᠷᠠᠭᠤᠯᠤᠯ ᠭᠤᠷᠪᠠᠳᠤᠭᠠᠷ ᠲᠡᠰ ᠦ᠋ᠨ ᠱᠠᠩᠨᠠᠯ ᠬᠦᠷᠲᠡᠪᠡ ᠃ ᠬᠤᠶᠠᠷ ᠮᠢᠩᠭ᠎ᠠ ᠪᠥᠭᠡᠳ ᠠᠷᠪᠠᠨ ᠵᠢᠷᠭᠤᠭᠠᠨ ᠣᠨ ᠳ᠋ᠤ᠌ ︽ ᠠᠷᠪᠠ ᠵᠢ ᠪᠦᠷᠬᠦᠭᠦᠯᠬᠦ ᠂ ᠰᠢᠨ᠎ᠡ ᠬᠥᠳᠡᠭᠡ ᠲᠣᠰᠭᠤᠨ ᠢ᠋ ᠪᠠᠢᠭᠤᠯᠬᠤ ᠬᠠᠷᠠᠯᠲᠠ ᠵᠢ ᠪᠡᠶᠡᠯᠡᠭᠦᠯᠬᠦ ︾ ᠭᠡᠬᠦ ᠪᠦᠬᠦ ᠠᠢᠮᠠᠭ ᠤ᠋ᠨ ᠵᠣᠬᠢᠶᠠᠯ ᠤ᠋ᠨ ᠤᠷᠤᠯᠳᠤᠭᠠᠨ ᠳ᠋ᠤ᠌ ︽ ᠲᠦᠰᠢᠶᠡᠲᠦ ᠰᠢᠷᠭ᠎ᠠ  ᠶᠢᠨ ᠮᠠᠭᠲᠠᠭᠤ ︾ ᠭᠡᠬᠦ ᠪᠦᠲᠦᠭᠡᠯ ᠭᠤᠷᠪᠠᠳᠤᠭᠠᠷ ᠲᠡᠰ ᠲᠦ᠍ ᠣᠷᠤᠵᠤ ᠂ ︽ ᠰᠡᠳᠭᠢᠯ ᠦ᠋ᠨ ᠭᠦᠨ ᠤᠷᠤᠭᠤ ᠰᠡᠮᠡᠷᠡᠨ ᠤᠷᠤᠰᠬᠤ ᠰᠣᠳᠤᠨ ᠴᠡᠩᠭᠡᠷ ᠠᠶᠠᠯᠭᠤ ︱ ᠲᠦᠰᠢᠶᠡᠲᠦ ᠠᠷᠠᠳ ᠤᠨ ᠳᠠᠭᠤᠤ ︾ ᠬᠡᠮᠡᠬᠦ ᠨᠠᠢᠷᠠᠭᠤᠯᠤᠯ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠤ᠋ ᠠᠩᠬᠠᠳᠤᠭᠠᠷ ᠤᠳᠠᠭᠠᠨ ᠤ ︽ ᠦᠨᠳᠦᠰᠦᠲᠡᠨ ᠦ᠌ ᠪᠦᠯᠭᠦᠮᠳᠡᠯ ᠬᠤᠨᠳᠠᠭᠠᠲᠤ ︾ ᠵᠣᠬᠢᠶᠠᠯ ᠤ᠋ᠨ ᠤᠷᠤᠯᠳᠤᠭᠠᠨ ᠳ᠋ᠤ᠌ ᠭᠤᠷᠪᠠᠳᠤᠭᠠᠷ ᠲᠡᠰ ᠲᠦ᠍ ᠲᠣᠳᠤᠷᠠᠪᠠ ᠃ ᠬᠤᠶᠠᠷ ᠮᠢᠩᠭ᠎ᠠ ᠪᠥᠭᠡᠳ ᠠᠷᠪᠠᠨ ᠨᠠᠢ᠍ᠮᠠᠨ ᠣᠨ ᠳ᠋ᠤ᠌ ᠬᠣᠷᠢᠳᠤᠭᠠᠷ ᠤᠳᠠᠭᠠᠨ ᠤ ︽ ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ ︾  ᠢ ᠲᠡᠮᠳᠡᠭᠯᠡᠭᠡ ᠬᠣᠷᠴᠢᠨ ᠢᠷᠠᠭᠤ ᠨᠠᠢᠷᠠᠭ ᠤ᠋ᠨ ᠤᠩᠰᠢᠯᠭ᠎ᠠ ᠳ᠋ᠤ᠌ ︽ ᠤᠶᠠᠩᠭ᠎ᠠ ᠶ᠋ᠢᠨ ᠬᠣᠭᠤᠯᠠᠢ ︾ ᠪᠡᠷ ᠴᠣᠯᠠᠯᠠᠭᠳᠠᠪᠠ ᠃ ᠬᠣᠶᠠᠷ ᠮᠢᠩᠭ᠎ᠠ ᠪᠥᠭᠡᠳ ᠠᠷᠪᠠᠨ ᠨᠠᠢ᠍ᠮᠠᠨ ᠣᠨ ᠳ᠋ᠤ᠌ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠤ᠋ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠂ ᠬᠣᠰᠢᠭᠤᠨ ᠤ᠋ ᠵᠣᠬᠢᠶᠠᠯᠴᠢᠳ ᠤ᠋ᠨ ᠨᠡᠢᠭᠡᠮᠯᠢᠭ ᠡᠴᠡ ᠡᠷᠬᠢᠯᠡᠨ ᠶᠠᠪᠤᠭᠳᠠᠭᠤᠯᠤᠭᠰᠠᠨ ︽ ᠭᠣᠣᠯ ᠤ᠋ᠨ ᠪᠠᠢᠰᠢᠩ ᠬᠤᠨᠳᠠᠭᠠᠲᠤ ︾ ᠤᠷᠤᠯᠳᠤᠭᠠᠨ ᠳ᠋ᠤ᠌ ︽ ᠮᠢᠨᠤ ᠠᠪᠤ ᠵᠢᠴᠢ ᠭᠣᠣᠯ ᠤ᠋ᠨ ᠪᠠᠢᠰᠢᠩ ᠤ᠋ᠨ ᠬᠠᠷ᠎ᠠ ᠠᠷᠢᠬᠢ ︾ ᠭᠡᠬᠦ ᠤᠷᠠᠨ ᠨᠠᠢᠷᠠᠭᠤᠯᠤᠯ ᠳᠡᠳ᠋ ᠲᠡᠰ ᠲᠦ᠍ ᠲᠣᠳᠤᠷᠠᠨ ᠂ ᠮᠥᠨ ᠵᠢᠯ ᠦ᠋ᠨ ᠪᠦᠬᠦ ᠠᠢᠮᠠᠭ ᠤ᠋ᠨ ︽ ᠦᠢᠯᠡᠰ ︾ ᠬᠤᠨᠳᠠᠭᠠᠲᠤ ᠮᠣᠩᠭᠤᠯ ᠰᠢᠯᠤᠭ᠋ ᠤᠨ ᠨᠠᠭᠠᠳᠤᠮ ᠳ᠋ᠤ᠌ ︽ ᠮᠢᠨᠤ ᠮᠣᠩᠭᠤᠯ ᠨᠤᠲᠤᠭ ᠤ᠋ᠨ ᠵᠤᠨ ᠤ ᠦᠳᠡᠰᠢ ᠰᠠᠢᠬᠠᠨ ︾ ᠭᠡᠬᠦ ᠪᠦᠲᠦᠭᠡᠯ ᠰᠢᠯᠢᠳᠡᠭ ᠲᠡᠰ ᠲᠦ᠍ ᠲᠣᠳᠤᠷᠠᠵᠠᠢ ᠃ ᠥᠪᠡᠷ ᠦ᠋ᠨ ᠤᠷᠮ᠎ᠠ ᠪᠠᠬ᠎ᠠ ᠳ᠋ᠤ᠌ ᠪᠠᠨ ᠬᠥᠲᠦᠯᠦᠭᠳᠡᠨ ᠦᠨᠳᠦᠰᠦᠲᠡᠨ ᠦ᠌ ᠰᠣᠶᠤᠯ ᠤᠷᠠᠯᠢᠭ ᠲᠤ ᠪᠠᠨ ᠲᠠᠳᠠᠬᠳᠠᠨ ᠮᠣᠩᠭᠤᠯ ᠰᠣᠶᠤᠯ ᠤ᠋ᠨ ᠢ᠋ᠶ᠋ᠠᠨ ᠮᠥᠡᠭᠭᠡ ᠲᠤᠯᠭ᠎ᠠ ᠳ᠋ᠤ᠌ ᠴᠤᠭ ᠨᠡᠮᠡᠶᠦ ᠬᠡᠮᠡᠨ ᠮᠠᠬᠠᠷᠠᠨ ᠴᠢᠷᠮᠠᠢᠵᠤ ᠶᠠᠪᠤᠭ᠎ᠠ ᠨᠢᠭᠡᠨ ᠃ 2018 ᠂11 ᠂9