ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠫᠣᠩᠰᠤᠭ ᠤ᠋ᠨ ᠴᠣᠭᠲᠤᠨᠠᠷᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠫᠣᠩᠰᠤᠭ ᠤ᠋ᠨ ᠴᠣᠭᠲᠤᠨᠠᠷᠠᠨ ᠰᠢᠯᠢ  ᠶᠢᠨ ᠭᠣᠣᠯ ᠠᠢᠮᠠᠭ ᠤ᠋ᠨ ᠰᠢᠯᠤᠭᠤᠨ ᠬᠥᠪᠡᠭᠡᠲᠦ ᠴᠠᠭᠠᠨ ᠬᠣᠰᠢᠭᠤᠨ ᠤ᠋ ᠤᠤᠯ ᠤᠨ ᠠᠯᠳᠠᠨ ᠭᠠᠳᠠᠰᠤ ᠰᠤᠮᠤᠨ ᠤ ᠰᠢᠯᠢ  ᠶᠢᠨ ᠤᠪᠤᠭ᠎ᠠ ᠪᠠᠷᠢᠭᠠᠳᠠ  ᠶᠢᠨ ᠮᠠᠯᠴᠢᠨ ᠠᠪᠤ ᠫᠣᠩᠰᠤᠭ ᠂ ᠡᠵᠢ ᠰᠡᠷᠡᠩᠵᠢᠳ ᠤᠨ ᠬᠣᠶᠠᠳᠤᠭᠠᠷ ᠬᠥᠪᠡᠭᠦᠨ ᠨᠢ ᠪᠣᠯᠵᠤ ᠵᠠᠶᠠᠭᠠᠪᠠ ᠃19 77 ᠣᠨ ᠳ᠋ᠤ᠌ ᠬᠣᠰᠢᠭᠤ ᠮᠣᠩᠭᠤᠯ ᠳᠤᠮᠳᠠᠳᠤ ᠰᠤᠷᠭᠠᠭᠤᠯᠢ  ᠠᠴᠠ ᠲᠡᠭᠦᠰᠴᠦ 1978 ᠣᠨ ᠳ᠋ᠤ᠌ ᠥᠪᠦᠷ ᠮᠣᠩᠭᠤᠯ ᠤ᠋ᠨ ᠪᠠᠭᠰᠢ  ᠶᠢᠨ ᠶᠡᠬᠡ ᠰᠤᠷᠭᠠᠭᠤᠯᠢ  ᠶᠢᠨ ᠮᠣᠩᠭᠤᠯ ᠬᠡᠯᠡ ᠤᠳᠭ᠎ᠠ ᠵᠣᠬᠢᠶᠠᠯ ᠤ᠋ᠨ ᠰᠠᠯᠪᠤᠷᠢ ᠳ᠋ᠤ᠌ ᠰᠢᠯᠭᠠᠭᠳᠠᠨ ᠣᠷᠤᠵᠤ 1982 ᠣᠨ ᠳ᠋ᠤ᠌ ᠲᠡᠭᠦᠰᠴᠦ ᠂ ᠰᠢᠯᠢ  ᠶᠢᠨ ᠭᠣᠣᠯ ᠠᠢᠮᠠᠭ ᠤ᠋ᠨ ᠰᠤᠷᠭᠠᠨ ᠬᠥᠮᠦᠵᠢᠯ ᠦ᠋ᠨ ᠲᠣᠪᠴᠢᠶ᠎ᠠ ᠳ᠋ᠤ᠌ ᠬᠤᠪᠢᠶᠠᠭᠳᠠᠨ ᠠᠵᠢᠯᠯᠠᠵᠤ ᠂1984 ᠣᠨ ᠤ᠋ ᠬᠠᠪᠤᠷ ︽ ᠰᠢᠯᠢ  ᠶᠢᠨ ᠭᠣᠣᠯ ︾ ᠰᠡᠳᠭᠦᠯ ᠳ᠋ᠦ᠍ ᠰᠢᠯᠵᠢᠨ ᠡᠳᠦᠭᠡ ᠪᠣᠯᠲᠠᠯ᠎ᠠ ᠠᠵᠢᠯᠯᠠᠭᠰᠠᠭᠠᠷ ᠁ 1998 ᠣᠨ ᠳ᠋ᠤ᠌ ᠠᠩᠬᠠᠨ  ᠤ ᠰᠢᠯᠦᠭ ᠦ᠋ᠨ ᠲᠡᠭᠦᠪᠦᠷᠢ ︽ ᠳᠠᠯᠳᠠ  ᠶᠢᠨ ᠥᠨᠳᠦᠷ ᠠᠭᠤᠯᠠ ︾ 2000 ᠣᠨ ᠳ᠋ᠤ᠌ ︽ ᠢᠯᠡ ᠭᠠᠵᠠᠷ ᠤᠨ ᠨᠢᠭᠤᠴᠠ ︾ ᠰᠢᠯᠦᠭ ᠦ᠋ᠨ ᠲᠡᠭᠦᠪᠦᠷᠢ ᠶ᠋ᠢ ᠨᠢ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶ᠎ᠠ ᠠ᠋ᠴᠠ ᠬᠡᠪᠯᠡᠨ ᠲᠠᠷᠬᠠᠭᠠᠪᠠ ᠃ ᠮᠥᠨ ︽ ᠤᠳᠭ᠎ᠠ ᠶ᠋ᠢᠨ ᠬᠠᠢᠭᠤᠯ ᠪᠤᠶᠤ ᠤᠶᠠᠩᠭ᠎ᠠ  ᠶᠢᠨ ᠵᠠᠰᠠᠭᠤᠯ ︾ ᠬᠡᠮᠡᠬᠦ ᠤᠷᠠᠨ ᠵᠣᠬᠢᠶᠠᠯ ᠤ᠋ᠨ ᠰᠢᠭᠦᠮᠵᠢ  ᠶᠢᠨ ᠨᠣᠮ ᠨᠢ 2009 ᠣᠨ  ᠳ᠋ᠤ ᠠᠷᠠᠳ ᠤᠨ ᠬᠡᠪᠯᠡᠯ ᠦ᠋ᠨ ᠬᠣᠷᠢᠶ᠎ᠠ ᠠ᠋ᠴᠠ ᠬᠡᠪᠯᠡᠭᠳᠡᠪᠡ ᠃ 2014 ᠣᠨ ᠳ᠋ᠤ᠌ ︽ ᠡᠷᠲᠡᠨ ᠦ᠌ ᠢᠷᠡᠭᠡᠳᠦᠢ ︾ ᠬᠡᠮᠡᠬᠦ ᠰᠢᠯᠦᠭ ᠦ᠋ᠨ ᠲᠡᠭᠦᠪᠦᠷᠢ ᠨᠢ ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠦ᠋ᠨ ᠬᠣᠷᠢᠶ᠎ᠠ ᠠ᠋ᠴᠠ ᠬᠡᠪᠯᠡᠭᠳᠡᠭᠰᠡᠨ ᠪᠥᠭᠡᠳ ᠮᠣᠩᠭᠤᠯ ᠤᠯᠤᠰ ᠲᠤ ᠺᠢᠷᠢᠯ ᠦᠰᠦᠭ ᠢ᠋ᠶ᠋ᠡᠷ ᠬᠡᠪᠯᠡᠭᠳᠡᠪᠡ ᠃ ︽ ᠳᠠᠭᠤᠯᠠᠩᠬᠠᠨ ᠪᠤᠴᠠᠬᠤ ᠨᠤᠲᠤᠭ ᠤᠰᠤᠨ ︾ ᠬᠡᠮᠡᠬᠦ ᠰᠢᠯᠦᠭ ᠦ᠋ᠨ ᠣᠷᠴᠢᠭᠤᠯᠭ᠎ᠠ ᠶ᠋ᠢᠨ ᠲᠡᠭᠦᠪᠦᠷᠢ ᠨᠢ2016 ᠣᠨ ᠳ᠋ᠤ᠌ ᠪᠡᠭᠡᠵᠢᠩ ᠦ᠋ᠨ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ ᠠ᠋ᠴᠠ ᠬᠡᠪᠯᠡᠭᠳᠡᠪᠡ ᠃ ᠡᠭᠦᠨ ᠡᠴᠡ ᠭᠠᠳᠠᠨ᠎ᠠ ᠨᠡᠯᠢᠶᠡᠳ ᠵᠣᠬᠢᠶᠠᠯ ᠨᠢ ᠮᠣᠩᠭᠤᠯ ᠤᠯᠤᠰ ᠤᠨ ︽ ᠴᠤᠭ ︾ ᠰᠡᠳᠭᠦᠯ ᠂ ︽ ᠤᠯᠠᠷᠢᠯ ᠪᠠ ᠰᠡᠳᠭᠦᠯᠴᠢ︾ ᠵᠡᠷᠭᠡ ᠰᠡᠳᠭᠦᠯ ᠰᠣᠨᠢᠨ ᠨᠤᠭᠤᠳ ᠢ᠋ᠶ᠋ᠠᠷ ᠨᠡᠢᠲᠡᠯᠡᠭᠳᠡᠭᠰᠡᠨ ᠪᠤᠶᠤ ᠶᠠᠫᠤᠨ ᠤᠯᠤᠰ ᠤᠨ ︽ ᠬᠠᠢᠺᠦ᠋ ᠰᠡᠳᠭᠦᠯ ︾ ᠳ᠋ᠤ ᠨᠡᠯᠢᠶᠡᠳ ᠰᠢᠯᠦᠭ ᠨᠢ ᠶᠠᠫᠤᠨ ᠠᠩᠭ᠌ᠯᠢ ᠬᠡᠯᠡ ᠪᠡᠷ ᠣᠷᠴᠢᠭᠤᠯᠤᠭᠳᠠᠨ ᠨᠡᠢᠲᠡᠯᠡᠭᠳᠡᠪᠡ ᠃ 1995 ᠣᠨ ᠳ᠋ᠤ᠌ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠂ ᠷᠠᠳᠢᠣ᠋ ᠬᠣᠷᠢᠶ᠎ᠠ ︽ ᠵᠠᠯᠠᠭᠤᠴᠤᠳ ︾ ᠰᠡᠳᠭᠦᠯ ᠦ᠋ᠨ ᠬᠣᠷᠢᠶ᠎ᠠ ᠠ᠋ᠴᠠ ᠬᠠᠮᠲᠤᠷᠠᠨ ᠡᠷᠬᠢᠯᠡᠭᠰᠡᠨ ︽ ᠤᠶᠠᠩᠭ᠎ᠠ  ᠶᠢᠨ ᠮᠦᠰᠢᠶᠡᠯ︾ ᠤᠷᠤᠯᠳᠤᠭᠠᠨ ᠳ᠋ᠤ᠌ ︽ ᠣᠲᠤᠷ ᠤ᠋ᠨ ᠰᠥᠨᠢ ᠣᠳᠣ ᠪᠣᠯᠭᠠᠨ ᠣᠳᠣ ︾ ᠰᠢᠯᠦᠭ ᠢ᠋ᠶ᠋ᠡᠷ ᠢ᠋ᠶ᠋ᠡᠨ ᠲᠡᠷᠢᠭᠦᠯᠡᠵᠦ ᠂ 1997 ᠣᠨ ᠳ᠋ᠤ᠌ ᠥᠪᠦᠷ ᠮᠣᠩᠭᠤᠯ ᠤ᠋ᠨ ᠤᠬᠠᠭᠤᠯᠬᠤ ᠬᠡᠯᠲᠡᠰ ᠂ ᠥᠪᠦᠷ ᠮᠣᠩᠭᠤᠯ ᠤ᠋ᠨ ᠡᠳᠦᠷ ᠦ᠋ᠨ ᠰᠣᠨᠢᠨ ᠤ᠋ ᠬᠣᠷᠢᠶ᠎ᠠ ᠠ᠋ᠴᠠ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ 50 ᠵᠢᠯ ᠦ᠋ᠨ ᠤᠢ ᠳ᠋ᠤ᠌ ᠵᠣᠷᠢᠭᠤᠯᠤᠭᠰᠠᠨ ᠡᠯᠰᠡᠭᠰᠡᠨ ᠡᠬᠡ ᠪᠢᠴᠢᠭ ᠦ᠋ᠨ ᠰᠢᠯᠭᠠᠷᠠᠭᠤᠯᠤᠯᠲᠠ ᠳ᠋ᠤ᠌ ︽ ᠥᠪᠦᠷ ᠮᠣᠩᠭᠤᠯ ᠣᠳᠤᠨ ᠳᠡᠭᠡᠷ᠎ᠡ ᠡᠴᠡ ᠢᠷᠡᠯ᠎ᠡ ︾ ᠰᠢᠯᠦᠭ ᠨᠢ ᠨᠢᠭᠡᠳᠦᠭᠡᠷ ᠲᠡᠰ ᠲᠦ᠍ ᠲᠣᠳᠤᠷᠠᠵᠤ ᠪᠢᠯᠡ ᠃2005 ᠣᠨ ᠳ᠋ᠤ᠌ ᠠᠩᠬᠠᠳᠠᠭᠴᠢ ᠪᠦᠬᠦ ᠤᠯᠤᠰ ᠤᠨ ᠬᠡᠪᠴᠢᠶᠡᠨ ᠦ᠌ ︽ ᠭᠢᠯᠦᠭᠡᠨ ᠤᠶᠠᠩᠭ᠎ᠠ ︾ ᠠᠯᠳᠠᠨ ᠣᠳᠤᠨ ᠱᠠᠩᠨᠠᠯᠳᠤ ᠤᠷᠤᠯᠳᠤᠭᠠᠨ ᠤ ᠠᠯᠳᠠᠨ ᠣᠳᠤᠨ ᠤ᠋ ᠡᠵᠡᠨ ᠪᠣᠯᠤᠨ ᠮᠠᠩᠯᠠᠢᠯᠠᠪᠠ ᠃2006 ᠣᠨ ᠳ᠋ᠤ᠌ ︽ ᠶᠡᠬᠡ ᠥᠪᠦᠷ ᠮᠣᠩᠭᠤᠯ ︾ ᠰᠢᠯᠦᠭ  ᠢᠶᠡᠷ  ᠢᠶᠡᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠤᠷᠠᠨ ᠵᠣᠬᠢᠶᠠᠯ ᠤ᠋ᠨ ︽ ᠰᠣᠯᠤᠩᠭ᠎ᠠ ︾ ᠱᠠᠩᠨᠠᠯ ᠂2013 ᠣᠨ ᠳ᠋ᠤ᠌ ᠮᠣᠩᠭᠤᠯ ᠤᠯᠤᠰ ᠲᠤ ᠶᠠᠪᠤᠭᠳᠠᠭᠰᠠᠨ ︽ 210 ᠂ ᠤᠯᠠᠨ ᠤᠯᠤᠰ ᠤᠨ ‍ᠳ᠋ᠠᠨᠽᠠᠨᠷᠠᠪᠵᠠᠢ ᠰᠤᠳᠤᠯᠤᠯ ᠤᠨ ᠡᠷᠳᠡᠮ ᠰᠢᠨᠵᠢᠯᠡᠭᠡᠨ ᠦ᠌ ᠬᠤᠷᠠᠯ ︾ ᠤᠨ ᠰᠢᠯᠭᠠᠷᠠᠭᠤᠯᠤᠯᠲᠠ ᠳ᠋ᠤ᠌ ᠮᠥᠩᠭᠦᠨ ᠱᠠᠩᠨᠠᠯ ᠬᠦᠷᠲᠡᠵᠦ ᠂2017 ᠣᠨ ᠳ᠋ᠤ᠌ ᠪᠦᠬᠦ ᠤᠯᠤᠰ ᠤᠨ ᠭᠤᠷᠪᠠᠳᠠᠬᠢ ᠤᠳᠠᠭᠠᠨ ᠤ ︽ ᠮᠥᠩᠬᠡ ᠲᠡᠭᠷᠢ ︾ ᠢᠷᠠᠭᠤ ᠨᠠᠢᠷᠠᠭ ᠤ᠋ᠨ ᠨᠠᠭᠠᠳᠤᠮ ᠤᠨ ᠡᠵᠡᠨ ᠪᠣᠯᠵᠤ 2018 ᠣᠨ ᠳ᠋ᠤ᠌ ᠮᠣᠩᠭᠤᠯ ᠤᠯᠤᠰ ᠤᠨ ᠵᠣᠬᠢᠶᠠᠯᠴᠢᠳ ᠤ᠋ᠨ ᠡᠪᠯᠡᠯ ᠦ᠋ᠨ ︽ ᠤᠳᠭ᠎ᠠ ᠵᠣᠬᠢᠶᠠᠯ ᠤ᠋ᠨ ᠲᠥᠯᠦᠭᠡ ︾ ᠱᠠᠩᠨᠠᠯ  ᠢ ᠲᠤᠰᠪᠠ ᠃ ᠲᠡᠷᠡ ᠪᠡᠷ ᠣᠳᠣ ᠳᠤᠮᠳᠠᠳᠤ ᠤᠯᠤᠰ ᠤᠨ ᠮᠣᠩᠭᠤᠯ ᠬᠤᠭᠤᠴᠠᠭᠠᠲᠤ ᠰᠡᠳᠭᠦᠯ ᠦ᠋ᠨ ᠭᠠᠪᠢᠶᠠᠲᠤ ᠨᠠᠢᠷᠠᠭᠤᠯᠤᠭᠴᠢ ᠪᠥᠭᠡᠳ ᠣᠨ ᠤ᠋ ᠰᠤᠳᠤᠯᠤᠯᠭᠠᠨ ᠤ ᠬᠤᠷᠠᠯ ᠤᠨ ᠳᠡᠳ᠋ ᠡᠷᠬᠢᠯᠡᠭᠴᠢ ᠂ ᠲᠥᠷᠦ ᠶ᠋ᠢᠨ ᠨᠢᠭᠡᠳᠦᠭᠡᠷ ᠲᠡᠰ ᠦ᠋ᠨ ᠵᠣᠬᠢᠶᠠᠯᠴᠢ ᠂ ︽ ᠰᠢᠯᠢ  ᠶᠢᠨ ᠭᠣᠣᠯ ︾ ᠰᠡᠳᠭᠦᠯ ᠦ᠋ᠨ ᠶᠡᠷᠦᠩᠬᠡᠢ ᠨᠠᠢᠷᠠᠭᠤᠯᠤᠭᠴᠢ ᠵᠡᠷᠭᠡ ᠨᠡᠢᠭᠡᠮ ᠦ᠋ᠨ ᠲᠤᠰᠢᠶᠠᠯ ᠳ᠋ᠤ᠌ ᠪᠤᠢ ᠃