ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠣᠷᠵᠢᠭᠢᠨ ᠪᠠ‍ · ᠠᠯᠲᠠᠨᠰᠦ᠋ᠬᠡ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠣᠷᠵᠢᠭᠢᠨ ᠪᠠ‍ · ᠠᠯᠲᠠᠨᠰᠦ᠋ᠬᠡ 1978 ᠣᠨ ᠳ᠋ᠤ᠌ ᠲᠥᠷᠦᠪᠡ ᠃ ᠰᠢᠯᠢ  ᠶᠢᠨ ᠭᠣᠣᠯ ᠠᠢᠮᠠᠭ ᠤ᠋ᠨ ᠵᠡᠭᠦᠨ ᠦᠵᠦᠮᠦᠴᠢᠨ ᠬᠣᠰᠢᠭᠤᠨ ᠤ᠋ ᠠᠯᠲᠠᠨᠬᠢᠯᠢ ᠨᠤᠲᠤᠭᠲᠠᠢ ᠃ ᠵᠡᠭᠦᠨ ᠦᠵᠦᠮᠦᠴᠢᠨ ᠬᠣᠰᠢᠭᠤᠨ ᠤ᠋ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠶ᠋ᠢᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠃ ᠰᠢᠯᠢ  ᠶᠢᠨ ᠭᠣᠣᠯ ᠠᠢᠮᠠᠭ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠃ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠃ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠃ 2002 ᠣᠨ ᠠ᠋ᠴᠠ ᠡᠬᠢᠯᠡᠵᠦ ᠵᠣᠬᠢᠶᠠᠯ ᠪᠦᠲᠦᠭᠡᠯ ᠡᠬᠢᠯᠡᠨ ᠤᠷᠤᠯᠳᠤᠵᠤ ᠂ ᠡᠳᠦᠭᠡ ᠬᠦᠷᠲᠡᠯ᠎ᠡ ᠰᠢᠯᠦᠭ ᠂ ᠨᠠᠢᠷᠠᠭᠤᠯᠤᠯ ᠂ ᠥᠭᠦᠯᠡᠯᠭᠡ ᠵᠠᠭᠤ ᠭᠠᠷᠤᠢ ᠪᠦᠲᠦᠭᠡᠯ ᠢ᠋ᠶ᠋ᠡᠨ ᠣᠷᠤᠨ ᠠᠢᠮᠠᠭ ᠂ ᠦᠨᠳᠦᠰᠦᠨ ᠱᠠᠳᠤᠨ ᠤ ᠰᠣᠨᠢᠨ ᠰᠡᠳᠭᠦᠯ ᠦ᠋ᠳ ᠲᠦ᠍ ᠨᠡᠢᠲᠡᠯᠡᠭᠦᠯᠵᠡᠢ ᠃ ᠭᠣᠣᠯᠳᠠᠭᠤ ᠥᠭᠦᠯᠡᠯᠭᠡ ᠂ ᠨᠠᠢᠷᠠᠭᠤᠯᠤᠯ ᠂ ᠲᠤᠭᠤᠵᠢᠰ ᠤᠨ ᠵᠣᠬᠢᠶᠠᠯ ᠪᠢᠴᠢᠳᠡᠭ ᠃ ︽ ᠠᠯᠳᠠᠨ ᠬᠠᠩᠭᠠᠢ ︾ ᠰᠡᠳᠭᠦᠯ ᠦ᠋ᠨ ᠨᠠᠢᠷᠠᠭᠤᠯᠤᠭᠴᠢ ᠃ 2010 ᠣᠨ ᠳ᠋ᠤ᠌ ᠥᠪᠦᠷ ᠮᠣᠩᠭᠤᠯ ᠤ᠋ᠨ ᠮᠣᠩᠭᠤᠯ ᠣᠳᠤᠨ ᠲᠧᠯᠸᠢᠰ ᠦ᠋ᠨ ︽ ᠬᠠᠮᠲᠤ ᠳ᠋ᠠᠭᠠᠨ ᠲᠤᠭᠤᠯᠤᠶ᠎ᠠ ︾ ᠳᠡᠯᠭᠡᠴᠡ ᠂ ᠥᠪᠦᠷ ᠮᠣᠩᠭᠤᠯ ᠤ᠋ᠨ ᠠᠷᠠᠳ ᠤᠨ ᠷᠠᠳᠢᠣ᠋ ᠬᠣᠷᠢᠶ᠎ᠠ ᠂ ︽ ᠥᠨᠢᠷ ᠴᠡᠴᠡᠭ ︾ ᠰᠡᠳᠭᠦᠯ ᠡᠴᠡ ᠬᠠᠮᠲᠤᠷᠠᠨ ᠡᠷᠬᠢᠯᠡᠭᠰᠡᠨ ᠤᠯᠤᠰ ᠪᠠᠢᠭᠤᠯᠤᠭᠳᠠᠭᠰᠠᠨ ᠵᠢᠷᠠᠨ ᠵᠢᠯ ᠂ ᠥᠭᠡᠷᠡᠴᠢᠯᠡᠯᠲᠡ ᠨᠡᠭᠡᠭᠡᠯᠲᠡ ᠶ᠋ᠢᠨ ᠭᠤᠴᠢᠨ ᠵᠢᠯ ᠢ᠋ᠶ᠋ᠡᠷ ᠰᠡᠳᠦᠪᠯᠡᠭᠰᠡᠨ ᠲᠤᠭᠤᠵᠢ  ᠶᠢᠨ ᠱᠠᠩᠨᠠᠯᠳᠤ ᠤᠷᠤᠯᠳᠤᠭᠠᠨ ᠳ᠋ᠤ᠌ ︽ ᠬᠦᠯᠦᠭ ᠦ᠋ᠨ ᠰᠠᠬᠢᠭᠤᠰᠤ ︾ ᠭᠡᠬᠦ ᠲᠤᠭᠤᠵᠢ ᠪᠠᠷ  ᠢᠶᠠᠨ ᠬᠣᠶᠠᠳᠤᠭᠠᠷ ᠲᠠᠰ ᠲᠤ᠌ ᠲᠣᠳᠤᠷᠠᠵᠠᠢ ᠃ 2008 ᠣᠨ ᠳ᠋ᠤ᠌ ︽ ᠬᠦᠯᠦᠭ ᠦ᠋ᠨ ᠰᠠᠬᠢᠭᠤᠰᠤ ︾ ᠬᠡᠮᠡᠬᠦ ᠥᠭᠦᠯᠡᠯᠭᠡ ᠶ᠋ᠢᠨ ᠲᠡᠭᠦᠪᠦᠷᠢ ᠪᠡᠨ ᠬᠡᠪᠯᠡᠭᠦᠯᠵᠡᠢ ᠃ 2012 ᠣᠨ ᠳ᠋ᠤ᠌ ︽ ᠠᠯᠳᠠᠨ ᠡᠮᠡᠭᠡᠯ ︾ ᠬᠡᠮᠡᠬᠦ ᠲᠤᠭᠤᠵᠢᠰ ᠤᠨ ᠲᠡᠭᠦᠪᠦᠷᠢ ᠪᠡᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠪᠡ ᠃ 2012 ᠣᠨ ᠤ᠋ 7 ᠰᠠᠷ᠎ᠠ ᠳ᠋ᠤ᠌ ᠥᠪᠦᠷ ᠮᠣᠩᠭᠤᠯ ᠤ᠋ᠨ ᠶᠡᠬᠡ  ᠶᠢᠨ ᠰᠤᠷᠭᠠᠭᠤᠯᠢ ᠶᠢᠨ2009 ᠣᠨ ᠤ᠋ ᠤᠳᠭ᠎ᠠ ᠵᠣᠬᠢᠶᠠᠯ ᠰᠤᠳᠤᠯᠬᠤ ᠠᠩᠭᠢ ᠠ᠋ᠴᠠ ᠰᠢᠯᠢᠳᠡᠭ ᠠᠮᠵᠢᠯᠲᠠ ᠪᠠᠷ ᠲᠡᠭᠦᠰᠪᠡ ᠃ 2013 ᠣᠨ ᠳ᠋ᠤ᠌ ᠪᠦᠬᠦ ᠤᠯᠤᠰ ᠤᠨ ᠠᠷᠪᠠᠳᠤᠭᠠᠷ ᠤᠳᠠᠭᠠᠨ ᠤ ︽ ᠰᠦᠨ ᠰᠠᠴᠤᠯᠢ ︾ ᠮᠠᠯᠴᠢᠨ ᠵᠣᠬᠢᠶᠠᠯᠴᠢ ᠶ᠋ᠢᠨ ᠱᠠᠩᠨᠠᠯᠳᠤ ᠤᠷᠤᠯᠳᠤᠭᠠᠨ ᠳ᠋ᠤ᠌ ︽ ᠵᠢᠷᠦᠬᠡ  ᠶᠢᠨ ᠠᠭᠤᠯᠠ  ᠶᠢᠨ ᠨᠠᠮᠲᠠᠷ ︾ ᠦᠷᠭᠦᠯᠵᠢᠯᠡᠭᠰᠡᠨ ᠦᠭᠡ ᠶ᠋ᠢᠨ ᠵᠣᠬᠢᠶᠠᠯ ᠤ᠋ᠨ ᠰᠢᠯᠢᠳᠡᠭ ᠲᠡᠰ ᠲᠦ᠍ ᠲᠣᠳᠤᠷᠠᠪᠠ ᠃ ᠲᠤᠰ ᠵᠣᠬᠢᠶᠠᠯ ᠨᠢ ᠬᠢᠲᠠᠳ ᠬᠡᠯᠡᠨ᠎ᠡ ᠬᠥᠷᠪᠡᠭᠦᠯᠦᠭᠳᠡᠵᠦ ᠂ ︽ ᠥᠪᠦᠷ ᠮᠣᠩᠭᠤᠯ ᠤ᠋ᠨ ᠣᠳᠣ ᠦᠶ᠎ᠡ  ᠶᠢᠨ ᠲᠠᠯ᠎ᠠ ᠨᠤᠲᠤᠭ ᠤ᠋ᠨ ᠰᠢᠯᠢᠳᠡᠭ ᠤᠷᠠᠨ ᠪᠦᠲᠦᠭᠡᠯ ︾  ᠢᠶᠠᠷ ᠰᠣᠩᠭᠤᠭᠳᠠᠪᠠ ᠃ 2013 ︽ ᠬᠥᠬᠡ ᠰᠢᠯᠢ ︾ ᠭᠡᠬᠦ ᠥᠭᠦᠯᠡᠯᠭᠡ ᠨᠢ ︽ ᠴᠣᠯᠮᠤᠨ ︾ ᠰᠡᠳᠭᠦᠯ ᠦ᠋ᠨ ᠤᠷᠤᠯᠳᠤᠭᠠᠨ ᠳ᠋ᠤ᠌ ᠭᠤᠷᠪᠠᠳᠤᠭᠠᠷ ᠲᠡᠰ ᠲᠦ᠍ ᠣᠷᠤᠪᠠ ᠃ 2013 ︽ ᠠᠯᠳᠠᠨ ᠡᠮᠡᠭᠡᠯ ︾ ᠲᠤᠭᠤᠵᠢᠰ ᠤᠨ ᠲᠡᠭᠦᠪᠦᠷᠢ ᠶ᠋ᠢ ᠵᠡᠭᠦᠨ ᠦᠵᠦᠮᠦᠴᠢᠨ ᠬᠣᠰᠢᠭᠤᠨ ᠤ᠋ ᠤᠬᠠᠭᠤᠯᠬᠤ ᠬᠡᠯᠲᠡᠰ ᠂ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠬᠠᠮᠲᠤᠷᠠᠵᠤ ᠂ ᠣᠷᠤᠨ ᠠᠢᠮᠠᠭ ᠠ᠋ᠴᠠ ᠡᠷᠳᠡᠮᠲᠡᠨ ᠪᠠᠭᠰᠢ ᠤᠷᠢᠵᠤ ᠲᠤᠰ ᠨᠣᠮ ᠤ᠋ᠨ ᠲᠣᠭᠤᠷᠢᠨ ᠳ᠋ᠤ᠌ ᠦᠨᠡᠯᠡᠯᠲᠡ ᠰᠢᠭᠦᠮᠵᠢ ᠶ᠋ᠢᠨ ᠶᠠᠷᠢᠯᠴᠠᠭ᠎ᠠ ᠬᠢᠵᠡᠢ ᠃ 2014 ᠣᠨ ᠳ᠋ᠤ᠌ ᠭᠤᠷᠪᠠᠳᠠᠬᠢ ᠲᠡᠭᠦᠪᠦᠷᠢ ᠪᠣᠯᠬᠤ ︽ ᠵᠠᠮ ᠤᠨ ᠲᠣᠭᠤᠰᠤ ︾ ᠥᠭᠦᠯᠡᠯᠭᠡ ᠶ᠋ᠢᠨ ᠲᠡᠭᠦᠪᠦᠷᠢ ᠪᠡᠨ ᠥᠪᠦᠷ ᠮᠣᠩᠭᠤᠯ ᠤ᠋ᠨ ᠠᠷᠠᠳ ᠤᠨ ᠬᠡᠪᠯᠡᠯ ᠦ᠋ᠨ ᠬᠣᠷᠢᠶᠠᠨ ᠠ᠋ᠴᠠ ᠬᠡᠪᠯᠡᠭᠦᠯᠵᠡᠢ ᠃︽ ᠭᠦᠩ ᠭᠣᠮᠪᠣᠵᠠᠪ ︾ ᠨᠡᠷᠡᠮᠵᠢᠲᠦ ᠤᠳᠭ᠎ᠠ ᠤᠷᠠᠯᠢᠭ ᠤᠨ ᠱᠠᠩᠨᠠᠯᠳᠤ ᠤᠷᠠᠨ ᠪᠦᠲᠦᠭᠡᠯᠴᠢ ᠃ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠤᠷᠠᠨ ᠵᠣᠬᠢᠶᠠᠯ ᠤ᠋ᠨ ᠠᠷᠪᠠᠨ ᠨᠢᠭᠡᠳᠦᠭᠡᠷ ᠬᠤᠭᠤᠴᠠᠭᠠᠨ ᠤ ︽ ᠰᠣᠯᠤᠩᠭ᠎ᠠ ︾ ᠱᠠᠩᠨᠠᠯᠳᠤ ᠵᠣᠬᠢᠶᠠᠯᠴᠢ ᠃ 2016 ᠣᠨ ᠳ᠋ᠤ᠌ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ︽ ᠯᠦ᠍ ᠰᠢᠶᠦ᠋ᠨ ︾ ᠤᠳᠭ᠎ᠠ ᠵᠣᠬᠢᠶᠠᠯ ᠤ᠋ᠨ ᠬᠦᠷᠢᠶᠡᠯᠡᠩ ᠦ᠋ᠨ27 ‍ᠳ᠋ᠤᠭᠠᠷ ᠬᠤᠭᠤᠴᠠᠭᠠᠨ ᠤ ᠰᠤᠷᠤᠯᠭᠠᠲᠠᠨ ᠃ ︽ ᠪᠦᠬᠦ ᠠᠢᠮᠠᠭ ᠤ᠋ᠨ ᠮᠣᠩᠭᠤᠯ ᠦᠭᠡ ᠦᠰᠦᠭ ᠪᠢᠴᠢᠭ  ᠢ ᠰᠤᠷᠴᠤ ᠬᠡᠷᠡᠭᠯᠡᠭᠰᠡᠨ ᠲᠡᠷᠢᠭᠦᠨ ᠦ᠌ ᠬᠤᠪᠢ ᠬᠥᠮᠦᠨ ︾  ᠢᠶᠠᠷ ᠰᠣᠩᠭᠤᠭᠳᠠᠪᠠ ᠃ ︽ ᠬᠠᠰᠢᠶᠠᠲᠤ ᠶ᠋ᠢᠨ ᠬᠤᠳᠳᠤᠭ ︾ ᠬᠡᠮᠡᠬᠦ ᠥᠭᠦᠯᠡᠯᠭᠡ ᠨᠢ ᠰᠢᠯᠢ  ᠶᠢᠨ ᠭᠣᠣᠯ ᠤ᠋ᠨ ᠡᠳᠦᠷ ᠰᠣᠨᠢᠨ ᠤ᠋ ︽ ᠡᠵᠢᠨᠠᠭᠤᠷ ︾ ᠪᠤᠯᠤᠩ ᠤᠨ ᠥᠭᠦᠯᠡᠯᠭᠡ ᠶ᠋ᠢᠨ ᠤᠷᠤᠯᠳᠤᠭᠠᠨ ᠳ᠋ᠤ᠌ ᠬᠣᠶᠠᠳᠤᠭᠠᠷ ᠲᠡᠰ ᠲᠦ᠍ ᠲᠣᠳᠤᠷᠠᠪᠠ ᠃ 2018 ︽ ᠠᠢᠰᠤᠢ ᠭᠡᠷᠡᠯ ᠦ᠋ᠨ ᠨᠢᠭᠤᠴᠠ ︾ ᠬᠡᠮᠡᠬᠦ ᠨᠠᠢᠷᠠᠭᠤᠯᠤᠯ ᠤ᠋ᠨ ᠲᠡᠭᠦᠪᠦᠷᠢ ‍ ᠪᠡᠨ ᠬᠡᠪᠯᠡᠭᠦᠯᠪᠡ ᠃ 2018 ᠬᠡᠦᠬᠡᠳ ᠦ᠋ᠨ ᠰᠡᠳᠦᠪᠲᠦ ︽ ᠳᠦᠭᠦᠷᠡᠩᠵᠠᠭᠠᠨ ︾ ᠷᠣᠮᠠᠨ ᠨᠢ ᠠᠷᠠᠳ ᠤᠨ ᠬᠡᠪᠯᠡᠯ ᠦ᠋ᠨ ᠬᠣᠷᠢᠶᠠᠨ ᠤ᠋ ᠲᠤᠰᠭᠠᠢ ᠰᠡᠳᠦᠪ ᠦ᠋ᠨ ᠢᠨᠵᠧᠨᠧᠷᠢᠩ ᠢ᠋ᠶ᠋ᠡᠷ ᠪᠢᠴᠢᠭᠳᠡᠵᠦ ᠨᠣᠮ ᠪᠣᠯᠤᠨ ᠬᠡᠪᠯᠡᠭᠳᠡᠪᠡ ᠃ ᠦᠭᠡ ᠦᠰᠦᠭ ᠪᠦᠷᠢ ᠶᠢ ᠤᠭᠤᠷᠠᠭ ᠲᠠᠷᠢᠬᠢ ᠪᠠᠷ ᠢᠶᠠᠨ ᠪᠣᠯᠪᠠᠰᠤᠷᠠᠭᠤᠯᠤᠨ ᠭᠠᠷᠭᠠᠭᠰᠠᠨ ᠣᠶᠤᠨ ᠤ᠋ ᠪᠦᠲᠦᠭᠡᠯ ᠲᠠᠢ ᠡᠩ ᠵᠡᠷᠭᠡᠴᠡᠬᠦ ᠵᠦᠢᠯ ᠡᠨᠡ ᠬᠣᠷᠸ᠎ᠠ ᠳ᠋ᠤ᠌ ᠠᠯᠠᠭ᠎ᠠ ᠃