ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠭᠠ‍ ᠰᠢᠷᠠᠬᠥᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠭᠠ‍ ᠰᠢᠷᠠᠬᠥᠤ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠃ ᠡᠷᠡᠭᠲᠡᠢ ᠃ ᠮᠣᠩᠭᠤᠯ ᠦᠨᠳᠦᠰᠦᠲᠡᠨ ᠃ ᠨᠡᠷ᠎ᠡ ᠄ ᠰᠢᠷᠠᠬᠦᠦ ᠃ ᠪᠢᠷ ᠦ᠋ᠨ ᠨᠡᠷ᠎ᠡ ᠄ ᠭᠠ‍᠊ ᠰᠢᠷᠠᠬᠦᠦ ᠪᠤᠶᠤ ᠭᠠᠷᠮ᠎ᠠ ᠵᠢᠨ ᠰᠢᠷᠠᠬᠦᠦ ᠃ 1953 ︵ ᠪᠡᠶ᠎ᠡ ᠵᠢᠨ ᠦᠨᠡᠮᠯᠡᠯ ᠳ᠋ᠦ᠍ 1952 ᠣᠨ ᠭᠡᠵᠦ ᠪᠢᠴᠢᠭᠡᠰᠦᠲᠡᠢ ︶ ᠣᠨ ‍ᠣ 7 ‍ᠳ᠋ᠤᠭᠠᠷ ᠰᠠᠷ᠎ᠠ ᠵᠢᠨ 13 ᠳ᠋ᠤ ᠰᠢᠨ᠎ᠡ ᠪᠠᠷᠭᠤ ᠪᠠᠷᠠᠭᠤᠨ ᠬᠣᠰᠢᠭᠤᠨ ‍ᠣ ᠪᠤᠭᠳᠠᠠᠠᠭᠤᠯᠠ ᠰᠤᠮᠤ ᠵᠢᠨ ᠨᠤᠲᠤᠭ ᠪᠣᠯᠬᠤ ᠤᠯᠠᠭᠠᠨ ᠨᠠᠭᠤᠷ ᠤᠨ ᠬᠥᠪᠡᠭᠡᠨ ᠳ᠋ᠦ᠍ ᠬᠤᠷᠯᠠᠳ ᠣᠪᠤᠭ ᠤ᠋ᠨ ᠮᠠᠯᠴᠢᠨ ᠭᠠᠷᠮ᠎ᠠ ᠵᠢᠨ ᠬᠣᠶᠠᠳᠤᠭᠠᠷ ᠬᠦᠦ ᠪᠣᠯᠵᠤ ᠲᠥᠷᠦᠵᠡᠢ ᠃ ︽ ᠰᠣᠶᠤᠯ ᠤ᠋ᠨ ᠶᠡᠬᠡ ᠬᠤᠪᠢᠰᠭᠠᠯ ︾ ᠳ᠋ᠤ ᠠᠷᠪᠠᠨ ᠲᠠᠪᠤᠲᠠᠢ ᠳ᠋ᠠᠭᠠᠨ ︽ ᠰᠡᠬᠡᠭᠡᠲᠡᠨ  ᠢ᠋ᠶ᠋ᠡᠷ ᠬᠥᠳᠡᠭᠡ ᠪᠠᠭᠤᠵᠤ ︾ ᠂ ᠬᠣᠨᠢ ᠬᠠᠷᠢᠭᠤᠯᠤᠨ ᠂ ᠠᠳᠤᠭᠤ ᠮᠠᠨᠠᠵᠤ ᠲᠠᠪᠤᠨ ᠵᠢᠯ ᠮᠠᠯᠴᠢᠨ ᠪᠣᠯᠵᠤ ᠶᠠᠪᠤᠭᠰᠠᠨ  ᠢ᠋ᠶ᠋ᠠᠨ ᠬᠥᠯᠦᠨ ᠪᠤᠢᠷ ᠤ᠋ᠨ ᠪᠠᠭᠰᠢ ᠵᠢᠨ ᠰᠤᠷᠭᠠᠭᠤᠯᠢ ᠂ ᠥᠪᠦᠷ ᠮᠣᠩᠭᠤᠯ ᠤ᠋ᠨ ᠪᠠᠭᠰᠢ ᠵᠢᠨ ᠶᠡᠬᠡ ᠰᠤᠷᠭᠠᠭᠤᠯᠢ ᠪᠡᠷ ᠰᠤᠷᠤᠯᠴᠠᠭᠠᠳ ᠂ ᠰᠤᠮᠤᠨ ‍ᠣ ᠳᠤᠮᠳᠠᠳᠤ ᠰᠤᠷᠭᠠᠭᠤᠯᠢ ᠳ᠋ᠤ᠌ ᠲᠣᠭᠠᠨ ‍ᠪ‍ ᠤᠬᠠᠭᠠᠨ ᠂ ᠭᠧᠣᠮᠧᠲ᠋ᠷᠢ ᠶ᠋ᠢᠨ ᠪᠠᠭᠰᠢ ᠂ ᠬᠣᠰᠢᠭᠤᠨ ‍ᠣ ᠰᠤᠷᠭᠠᠨ ᠬᠥᠮᠦᠵᠢᠯ ᠦ᠋ᠨ ᠲᠣᠪᠴᠢᠶᠠᠨ ‍ᠪ‍ ᠳᠡᠳ᠋ ᠳᠠᠷᠤᠭ᠎ᠠ ᠂ ᠰᠤᠮᠤᠨ ‍ᠪ‍ ᠱᠦᠵᠢ ᠂ ᠬᠣᠰᠢᠭᠤᠨ ‍ᠪ‍ ᠠᠷᠠᠳ ᠤᠨ ᠲᠥᠯᠦᠭᠡᠯᠡᠭᠴᠢᠳ ᠦ᠋ᠨ ᠪᠠᠢᠩᠭᠤ ᠵᠢᠨ ᠬᠣᠷᠢᠶ᠎ᠠ ᠳ᠋ᠤ᠌ ᠰᠤᠷᠭᠠᠨ ᠬᠥᠮᠦᠵᠢᠯ ᠂ ᠰᠢᠨᠵᠢᠯᠡᠬᠦ ᠤᠬᠠᠭᠠᠨ ‍ᠣ ᠵᠥᠪᠯᠡᠯ ᠦ᠋ᠨ ᠡᠷᠬᠢᠯᠡᠭᠴᠢᠵᠡᠷᠭᠡ ᠪᠡᠷ ᠠᠵᠢᠯᠯᠠᠵᠤ ᠶᠠᠪᠤᠵᠠᠢ ᠃ 1980 ᠣᠨ  ᠠ᠋ᠴᠠ ︽ ᠠᠢᠯ ᠤ᠋ᠨ ᠠᠬ᠎ᠠ ︾ ᠥᠭᠦᠯᠡᠯᠭᠡ ᠪᠠᠨ ᠨᠡᠢᠲᠡᠯᠡᠭᠦᠯᠦᠨ ᠤᠷᠠᠨ ᠵᠣᠬᠢᠶᠠᠯ ᠤ᠋ᠨ ᠡᠭᠦᠳᠡ ᠵᠢ ᠡᠪᠲᠡᠢᠬᠡᠨ ᠨᠡᠭᠡᠭᠡᠭᠡᠳ ᠥᠭᠦᠯᠡᠯᠭᠡ ᠂ ᠨᠠᠢᠷᠠᠭᠤᠯᠤᠯ ᠂ ᠲᠤᠭᠤᠵᠢ ᠂ ᠷᠣᠮᠠᠨ ᠂ ᠰᠢᠭᠦᠮᠵᠢ ᠂ ᠺᠢᠨᠣ᠋ ᠵᠣᠬᠢᠶᠠᠯ ᠵᠡᠷᠭᠡ ᠵᠢ ᠣᠷᠤᠯᠳᠤᠵᠤ ᠪᠠᠷᠭᠤ ᠨᠤᠲᠤᠭ ᠤᠨ ᠥᠩᠭᠡ ᠪᠤᠳᠤᠭ ᠂ ᠦᠯᠢᠭᠡᠷ ᠳᠣᠮᠤᠭ ᠤ᠋ᠳ ᠢ᠋ ᠤᠷᠠᠨ ᠵᠣᠬᠢᠶᠠᠯ  ᠢ᠋ᠶ᠋ᠠᠷ  ᠢ᠋ᠶ᠋ᠠᠨ ᠠᠮᠢᠯᠠᠭᠤᠯᠤᠨ ᠵᠢᠷᠤᠭᠯᠠᠭᠰᠠᠨ ᠪᠠᠢᠳᠠᠭ ᠃ ︽ ᠪᠥᠭᠡ ᠵᠢᠨ ᠲᠡᠭᠷᠢ ︾ ᠷᠣᠮᠠᠨ ᠨᠢ ︽ ᠲᠠᠯ᠎ᠠ ᠨᠤᠲᠤᠭ ᠤᠨ ᠰᠢᠯᠢᠳᠡᠭ ᠵᠣᠬᠢᠶᠠᠯ ︾  ᠢ᠋ᠶ᠋ᠠᠷ ᠦᠨᠡᠯᠡᠭᠳᠡᠨ ︽ ᠢᠰᠢᠭᠡᠨ ᠪᠥᠭᠡ ︾ ᠭᠡᠳᠡᠭ ᠨᠡᠷ᠎ᠡ ᠪᠡᠷ ᠬᠢᠲᠠᠳ ᠬᠡᠯᠡᠨ ᠳ᠋ᠦ᠍ ᠬᠥᠷᠪᠡᠭᠦᠯᠦᠨ 2014 ᠣᠨ ᠳ᠋ᠤ᠌︽ ᠵᠣᠬᠢᠶᠠᠯᠴᠢᠳ ᠤ᠋ᠨ ᠬᠡᠪᠯᠡᠯ ᠦ᠋ᠨ ᠬᠣᠷᠢᠶ᠎ᠠ ︾ ᠬᠡᠪᠯᠡᠨ ᠲᠠᠷᠬᠠᠭᠠᠵᠠᠢ ᠃ ︽ ᠳᠠᠷᠢ ᠵᠢᠨ ᠦᠨᠦᠷ ᠲᠠᠢ ᠲᠠᠯ᠎ᠠ ︾ ᠷᠣᠮᠠᠨ ︽ ᠬᠥᠬᠡ ᠴᠢᠨᠤ᠎ᠠ ᠵᠢᠨ ᠮᠥᠬᠦᠯ ︾ ︵ ᠵᠣᠬᠢᠶᠠᠯ ᠤ᠋ᠨ ᠰᠣᠩᠭᠤᠮᠠᠯ ︶ ᠭᠡᠬᠦ ᠤᠷᠠᠨ ᠵᠣᠬᠢᠶᠠᠯ ‍ᠤᠨ ᠨᠤᠮ  ᠠ᠋ᠴᠠ ᠭᠠᠳᠠᠨ᠎ᠠ ᠨᠡᠭᠦᠳᠡᠯ ᠮᠠᠯᠵᠢᠯ ᠰᠣᠶᠤᠯ ‍ᠤᠨ᠋ ᠤᠬᠢ ᠰᠢᠮ᠎ᠡ ᠪᠡᠷ ᠪᠣᠰᠭᠠᠭᠰᠠᠨ ︽ ᠬᠠᠰᠢᠷ ᠮᠠᠯᠴᠢᠳ ᠤᠨ ᠲᠤᠷᠰᠢᠯᠭ᠎ᠠ ︾ ᠂ ︽ ᠷᠠᠰᠢᠶᠠᠨ ᠭᠠᠴᠠᠭᠠᠨ ‍ᠪ‍ ᠣᠢᠯᠠᠯᠭ᠎ᠠ ︾ ᠵᠡᠷᠭᠡ ᠰᠤᠳᠤᠯᠭᠠᠨ ‍ᠪ‍ ᠪᠠ ᠲᠡᠦᠬᠡᠨ ᠲᠡᠮᠳᠡᠭᠯᠡᠯ ᠦ᠋ᠨ ᠨᠣᠮ ᠤ᠋ᠳ ᠲᠠᠢ ᠃ ᠰᠠᠶᠢᠬᠠᠨ ᠲᠤᠭᠤᠷᠪᠢᠵᠤ ᠳᠠᠭᠤᠰᠤᠭᠰᠠᠨ ︽ ᠬᠡᠷᠦᠯᠦᠨ ‍ᠣ ᠨᠠᠮᠤᠬᠠᠨ ᠠᠭᠤᠯᠠᠰ ︾ ᠷᠣᠮᠠᠨ ᠨᠢ ᠴᠣᠯᠮᠤᠨ ᠰᠡᠳᠭᠦᠯ ᠦ᠋ᠨ 2019 ᠣᠨ ‍ᠪ‍ 1 ‍ᠳ᠋ᠤᠭᠡᠷ ᠬᠤᠭᠤᠴᠠᠭᠠᠨ ᠳ᠋ᠤ᠌ ᠨᠡᠢᠲᠡᠯᠡᠭᠳᠡᠨ ᠤᠩᠰᠢᠭᠴᠢᠳ ᠲᠠᠢ ᠨᠢᠭᠤᠷ ᠵᠣᠯᠭᠠᠬᠤ ᠪᠡᠷ ᠪᠠᠢᠨ᠎ᠠ ᠃ ᠭᠠ‍᠊ ᠰᠢᠷᠠᠬᠦᠦ ᠵᠢᠨ ᠤᠷᠠᠨ ᠵᠣᠬᠢᠶᠠᠯ ᠨᠢ ᠬᠥᠯᠦᠨ ᠪᠤᠢᠷ ᠠᠢᠮᠠᠭ ᠤ᠋ᠨ ︽ ᠠᠵᠢᠨᠠᠢ ᠬᠦᠯᠦᠭ ︾ ᠱᠠᠩᠨᠠᠯ  ᠢ ᠣᠯᠠᠨᠲᠠ ᠲᠤᠰᠴᠤ ᠂ 2014 ᠣᠨ ᠳ᠋ᠤ᠌ ︽ ᠳᠠᠷᠢ ᠵᠢᠨ ᠦᠨᠦᠷ ᠲᠠᠢ ᠲᠠᠯ᠎ᠠ ︾ ᠷᠣᠮᠠᠨ ᠨᠢ ᠴᠣᠯᠮᠤᠨ ᠰᠡᠳᠭᠦᠯ ᠦ᠋ᠨ ︽ ᠴᠣᠯᠮᠤᠨ ︾ ᠨᠡᠷᠡᠮᠵᠢᠲᠦ ᠱᠠᠩᠨᠠᠯ  ᠢ ᠬᠦᠷᠲᠡᠵᠡᠢ ᠃ ᠪᠠᠰᠠ ᠥᠭᠡᠷᠡᠴᠢᠯᠡᠨ ᠨᠠᠢᠷᠠᠭᠤᠯᠤᠭᠰᠠᠨ ᠤᠷᠠᠨ ᠰᠠᠢᠬᠠᠨ ‍ᠪ‍ ᠺᠢᠨᠣ᠋ ︽ ᠦᠬᠡᠷᠲᠦ ᠬᠦᠢᠲᠡᠨ ︾ ᠨᠢ ᠹᠷᠠᠨᠼᠢ ᠪᠣᠯᠤᠨ ᠠᠮᠧᠷᠢᠺᠠ ᠵᠢᠨ ᠺᠢᠨᠣ᠋ ᠤᠷᠠᠯᠢᠭ ᠤᠨ ᠱᠠᠩᠨᠠᠯ ᠲᠤᠰᠪᠠ ᠃