ᠨᠡᠷ᠎ᠡ:
ᠰᠦᠬᠡ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠪᠢᠷ ᠦ᠋ᠨ ᠨᠡᠷ᠎ᠡ ᠬᠡ ᠂ ᠰᠦᠬᠡ ᠂ ︽ ᠰᠣᠶᠤᠯ ᠤ᠋ᠨ ᠬᠤᠪᠢᠰᠭᠠᠯ ︾ ᠤᠨ ᠭᠠᠯ ᠤᠨᠲᠠᠷᠠᠮᠠᠷ ᠪᠣᠯᠤᠭᠰᠠᠨ ᠴᠠᠭ1975 ᠣᠨ ᠤ᠋11 ᠰᠠᠷ᠎ᠠ ᠶᠢᠨ25 ᠳ᠋ᠤ ᠣᠩᠨᠢᠭᠤᠳ ᠬᠣᠰᠢᠭᠤᠨ ᠤ᠋ ᠠᠰᠢᠬᠠᠨ ᠰᠤᠮᠤᠨ ᠤ ᠨᠠᠷᠢᠨ ᠭᠣᠣᠯ ᠭᠠᠴᠠᠭᠠᠨ ᠳ᠋ᠤ᠌ ᠵᠤᠯᠠᠢ ᠵᠥᠭᠡᠯᠡᠨ ᠬᠥᠷᠦᠰᠦ ᠳᠡᠷᠡᠯᠡᠵᠦ ᠨᠤᠲᠤᠭ ᠤ᠋ᠨ ᠢ᠋ᠶ᠋ᠠᠨ ᠴᠢᠯᠠᠭᠤ ᠪᠠᠷ ᠬᠦᠢᠰᠦ ᠪᠡᠨ ᠣᠭᠲᠤᠯᠤᠭᠤᠯᠵᠤ ᠨᠠᠭᠤᠷ ᠤ᠋ᠨ ᠢ᠋ᠶ᠋ᠠᠨ ᠤᠰᠤ ᠪᠠᠷ ᠪᠡᠶ᠎ᠡ ᠪᠡᠨ ᠤᠭᠢᠶᠠᠯᠭᠠᠵᠤ ᠨᠢᠯᠬ᠎ᠠ ᠶᠢᠨ ᠲᠠᠭᠤᠨ ᠢᠶᠠᠨ ᠤᠨᠠᠭᠠᠪᠠ ᠃ ᠣᠳᠣ ᠬᠡᠰᠢᠭᠲᠡᠨ ᠬᠣᠰᠢᠭᠤᠨ ᠤ᠋ ᠳᠠᠯᠠᠢᠨᠠᠭᠤᠷ ᠪᠠᠯᠭᠠᠰᠤᠨ ᠤ ᠶᠡᠷᠦᠩᠬᠡᠢ ᠰᠤᠷᠭᠠᠭᠤᠯᠢ ᠶᠢᠨ ᠵᠠᠬᠢᠷᠤᠯ ᠂ ᠤᠯᠠᠭᠠᠨᠬᠠᠳᠠ ᠬᠤᠳᠠ ᠶᠢᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠬᠡᠰᠢᠭᠲᠡᠨ ᠬᠣᠰᠢᠭᠤᠨ ᠤ᠋ ︽ ᠷᠣᠯᠭᠠᠷᠵᠠᠪ ︾ ᠠᠷᠠᠳ ᠤ᠋ᠨ ᠰᠣᠶᠤᠯ ᠤᠷᠠᠯᠢᠭ ᠤᠨ ᠨᠡᠢᠭᠡᠮᠯᠢᠭ ᠦ᠋ᠨ ᠪᠠᠢᠩᠭᠤ ᠶ᠋ᠢᠨ ᠭᠡᠰᠢᠭᠦᠨ ᠂ ᠬᠡᠰᠢᠭᠲᠡᠨ ᠬᠣᠰᠢᠭᠤᠨ ᠤ᠋ ︽ ᠡᠬᠡ ᠬᠡᠯᠡ ᠪᠡᠨ ᠬᠠᠯᠠᠮᠵᠢᠯᠠᠬᠤ ︾ ᠨᠡᠢᠭᠡᠮᠯᠢᠭ ᠦ᠋ᠨ ᠪᠠᠢᠩᠭᠤ ᠶ᠋ᠢᠨ ᠭᠡᠰᠢᠭᠦᠨ ᠵᠡᠷᠭᠡ ᠠᠯᠪᠠᠨ ᠪᠠ ᠨᠡᠢᠭᠡᠮ ᠦ᠋ᠨ ᠲᠤᠰᠢᠶᠠᠯ ᠲᠠᠢ ᠶᠠᠪᠤᠯᠤᠭ᠎ᠠ ᠃ 1992 ᠣᠨ ᠳ᠋ᠤ᠌ ᠯᠢᠨᠳᠦ᠋ᠩ ᠳ᠋ᠡᠬᠢ ᠪᠠᠭᠰᠢ ᠶᠢᠨ ᠰᠤᠷᠭᠠᠭᠤᠯᠢ ᠶᠢᠨ ᠬᠢᠲᠠᠳ ᠬᠡᠯᠡᠨ ᠦ᠌ ᠠᠩᠭᠢ ᠳ᠋ᠤ᠌ ᠰᠢᠯᠭᠠᠭᠳᠠᠨ ᠣᠷᠤᠵᠤ 1996 ᠣᠨ ᠳ᠋ᠤ᠌ ᠰᠢᠯᠢᠳᠡᠭ ᠪᠦᠲᠦᠮᠵᠢ ᠪᠡᠷ ᠰᠤᠷᠤᠯᠭ᠎ᠠ ᠲᠡᠭᠦᠰᠪᠡ ᠃ ᠪᠠᠭ᠎ᠠ ᠰᠤᠷᠭᠠᠭᠤᠯᠢ ᠠᠴᠠ ᠶᠡᠬᠡ ᠰᠤᠷᠭᠠᠭᠤᠯᠢ ᠬᠦᠷᠲᠡᠯᠡᠬᠢ ᠰᠤᠷᠤᠯᠭ᠎ᠠ ᠶᠢᠨ ᠨᠠᠮᠲᠠᠷ ᠢ᠋ᠶ᠋ᠠᠨ ᠠᠳᠠᠯᠢ ᠪᠤᠰᠤ ᠬᠡᠯᠪᠡᠷᠢ ᠪᠡᠷ ᠰᠤᠷᠤᠯᠴᠠᠵᠤ ᠲᠡᠭᠦᠰᠭᠡᠭᠡᠳ 1996 ᠣᠨ ᠳ᠋ᠤ᠌ ᠵᠢᠷᠤᠭ ᠰᠢᠭ ᠬᠡᠰᠢᠭᠲᠡᠨ ᠦ᠌ ᠳᠠᠯᠠᠢᠨᠠᠭᠤᠷ ᠰᠤᠷᠭᠠᠭᠤᠯᠢ ᠳ᠋ᠤ᠌ ᠠᠵᠢᠯ ᠤᠨ ᠭᠠᠷᠤᠭ᠎ᠠ ᠠᠪᠴᠤ ᠮᠤᠨᠭᠭᠤᠯ ᠰᠤᠶᠤᠯ ᠤᠨ ᠪᠥᠬᠦᠰᠢ ᠦᠭᠡᠢ ᠳᠥᠯᠦ ᠳ᠋ᠦ᠍ ᠥᠴᠦᠬᠡᠨ ᠴᠦ᠍ ᠭᠡᠰᠡᠨ ᠰᠤᠷ ᠨᠡᠮᠡᠶ᠎ᠡ ᠭᠡᠵᠦ ᠮᠣᠬᠤᠰᠢ ᠦᠭᠡᠢ ᠮᠡᠷᠡᠢᠵᠦ ᠢᠷᠠᠭᠤ ᠨᠠᠢᠷᠠᠭ ᠢ᠋ᠶ᠋ᠠᠷ ᠰᠡᠳᠭᠢᠯ ᠦ᠋ᠨ ᠲᠡᠩᠬᠡᠭᠡ ᠵᠠᠯᠬᠠᠭᠠᠵᠤ ︽ ᠬᠤᠨ ᠭᠠᠯᠠᠭᠤ ︾ ︽ ᠰᠢᠷ᠎ᠠ ᠮᠥᠷᠡᠨ ︾ ︽ ᠰᠢᠯᠢ ᠶᠢᠨ ᠭᠣᠣᠯ ︾ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ︽ ᠤᠯᠠᠭᠠᠨᠬᠠᠳᠠ ᠶᠢᠨ ᠡᠳᠦᠷ ᠦ᠋ᠨ ᠰᠣᠨᠢᠨ ︾ ᠵᠡᠷᠭᠡ ᠣᠷᠤᠨ ᠤ᠋ ᠳᠣᠲᠤᠨᠠᠬᠢ ᠰᠣᠨᠢᠨ ᠰᠡᠳᠭᠦᠯ ᠳᠡᠭᠡᠷ᠎ᠡ ᠤᠷᠢᠳ ᠬᠣᠵᠢᠳ ᠵᠢᠷᠠᠭᠠᠳ ᠰᠢᠯᠦᠭ ᠨᠠᠢᠷᠠᠭᠤᠯᠤᠯ ᠨᠡᠢᠲᠡᠯᠡᠵᠦ ᠪᠠᠶᠠᠰᠤᠨ1999 ᠣᠨ ᠳ᠋ᠤ᠌ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ᠤ ︽ᠲᠠᠯ᠎ᠠ ᠶᠢᠨ ᠲᠤᠶᠠᠭ᠎ᠠ ︾ ᠪᠣᠯᠤᠭᠠᠳ ᠤᠯᠤᠰ ᠪᠠᠢᠭᠤᠯᠤᠭᠳᠠᠭᠰᠠᠨ50 ᠵᠢᠯ ᠦ᠋ᠨ ᠤᠢ ᠶᠢᠨ ᠪᠠᠶᠠᠷ ᠤᠨ ᠤᠷᠠᠨ ᠵᠣᠬᠢᠶᠠᠯ ᠤ᠋ᠨ ᠰᠢᠯᠭᠠᠷᠠᠭᠤᠯᠤᠯᠲᠠ ᠳ᠋ᠤ᠌ ︽ ᠳᠠᠯᠠᠢ ᠶᠡᠬᠡ ᠰᠤᠷᠭᠠᠯ ︾ ᠬᠡᠮᠡᠬᠦ ᠰᠢᠯᠦᠭ ᠢ᠋ᠶ᠋ᠡᠷ ᠢ᠋ᠶ᠋ᠡᠨ ᠰᠢᠯᠢᠳᠡᠭ ᠱᠠᠩᠨᠠᠯ ᠲᠤᠰᠴᠤ ᠮᠥᠨ ᠵᠢᠯ ᠳ᠋ᠦ᠍ ︽ ᠤᠯᠠᠭᠠᠨᠬᠠᠳᠠ ᠶᠢᠨ ᠡᠳᠦᠷ ᠦ᠋ᠨ ᠰᠣᠨᠢᠨ ︾ ᠤ ᠤᠲᠠᠲᠤ ᠲᠠᠯ᠎ᠠ ᠶᠢᠨ ᠪᠢᠯᠢᠭ ᠦ᠋ᠨ ᠴᠢᠭᠤᠯᠭᠠᠨ ᠳ᠋ᠤ᠌ ︽ ᠨᠠᠷᠠ ᠵᠦᠭᠯᠡᠭᠰᠡᠨ ᠤᠷᠤᠰᠭᠠᠯ ︾ ᠰᠢᠯᠦᠭ ᠢ᠋ᠶ᠋ᠡᠷ ᠢ᠋ᠶ᠋ᠡᠨ ᠰᠢᠯᠢᠳᠡᠭ ᠱᠠᠨᠭᠨᠠᠯ ᠲᠤᠰᠴᠤ ᠶᠠᠪᠤᠭᠰᠠᠨ ᠪᠠ ᠮᠣᠩᠭᠤᠯ ᠬᠡᠯᠡᠨ ᠦ᠌ ᠨᠡᠷᠡᠲᠦ ᠡᠷᠳᠡᠮᠲᠡᠨ ᠡᠷᠳᠡᠨᠢᠲᠣᠭᠲᠠᠬᠤ ᠪᠠᠭᠰᠢ ᠶᠢᠨ ᠮᠡᠨᠳᠦᠯᠡᠭᠰᠡᠨ ᠵᠠᠭᠤᠨ ᠵᠢᠯ ᠦ᠋ᠨ ᠤᠢ ᠳ᠋ᠤ᠌ ᠵᠣᠷᠢᠭᠤᠯᠵᠤ ︽ ᠳᠠᠯᠠᠢ ᠨᠠᠭᠤᠷ ᠤᠨ ᠠᠨᠢᠷ ︾ ᠬᠡᠮᠡᠬᠦ ᠪᠠᠭᠰᠢ ᠰᠤᠷᠤᠭᠴᠢ ᠶᠢᠨ ᠵᠣᠬᠢᠶᠠᠯ ᠤ᠋ᠨ ᠰᠣᠩᠭᠤᠮᠠᠯ ᠢ᠋ ᠰᠡᠳᠦᠵᠦ ᠨᠠᠢᠷᠠᠭᠤᠯᠤᠨ ᠭᠠᠷᠭᠠᠭᠰᠠᠨ ᠵᠡᠷᠭᠡ ᠨᠢᠮᠭᠡᠨ ᠠᠮᠵᠢᠯᠲᠠ ᠪᠤᠶᠤ ᠭᠣᠶᠤ ᠲᠡᠦᠬᠡ ᠲᠠᠢ ᠃ ᠣᠳᠣ ᠰᠦᠯᠵᠢᠶᠡᠨ ᠤᠷᠠᠨ ᠵᠣᠬᠢᠶᠠᠯ ᠤ᠋ᠨ ᠵᠠᠮ ᠢᠶᠠᠷ ᠢᠳᠡᠪᠬᠢᠲᠡᠢ ᠶᠠᠪᠤᠯᠤᠭ᠎ᠠ ︕ ᠤᠷᠢᠳ ᠬᠣᠵᠢᠳ ᠪᠠᠭ᠎ᠠ ᠰᠤᠷᠭᠠᠭᠤᠯᠢ ᠶᠢᠨ ᠪᠠᠭᠰᠢ ᠂ ᠳᠤᠮᠳᠠᠳᠤ ᠰᠤᠷᠭᠠᠭᠤᠯᠢ ᠶᠢᠨ ᠪᠠᠭᠰᠢ ᠪᠠᠷ ᠂ ᠬᠣᠰᠢᠭᠤᠨ ᠤ᠋ ᠵᠢᠭᠠᠬᠤ ᠶᠢ ᠰᠤᠳᠤᠯᠬᠤ ᠭᠡᠷ ᠂ ᠰᠤᠷᠭᠠᠨ ᠬᠥᠮᠦᠵᠢᠯ ᠦ᠋ᠨ ᠲᠣᠪᠴᠢᠶ᠎ᠠ ᠳ᠋ᠤ᠌ ᠠᠵᠢᠯᠯᠠᠵᠤ ᠪᠠᠢᠭᠰᠠᠨ ᠢ᠋ᠶ᠋ᠠᠨ2013 ᠣᠨ ᠤ᠋ 9 ᠰᠠᠷ᠎ᠠ ᠳ᠋ᠤ᠌ ᠬᠡᠰᠢᠭᠲᠡᠨ ᠬᠣᠰᠢᠭᠤᠨ ᠤ᠋ ᠳᠠᠯᠠᠢᠨᠠᠭᠤᠷ ᠪᠠᠯᠭᠠᠰᠤᠨ ᠤ ᠶᠡᠷᠦᠩᠬᠡᠢ ᠰᠤᠷᠭᠠᠭᠤᠯᠢ ᠶᠢᠨ ᠵᠠᠬᠢᠷᠤᠯ ᠤᠨ ᠠᠯᠪᠠᠨ ᠳ᠋ᠤ᠌ ᠲᠣᠮᠢᠯᠠᠭᠳᠠᠨ ᠦᠨᠳᠦᠰᠦᠲᠡᠨ ᠦ᠌ ᠰᠣᠶᠤᠯ ᠰᠤᠷᠭᠠᠨ ᠬᠥᠮᠦᠵᠢᠯ ᠦ᠋ᠨ ᠲᠥᠯᠦᠭᠡ ᠶᠠᠭᠤ ᠨᠢᠭᠡ ᠶᠢ ᠰᠣᠪᠢᠵᠤ ᠂ ᠰᠡᠳᠭᠢᠵᠦ ᠂ ᠪᠦᠲᠦᠭᠡᠵᠦ ᠂ ᠪᠡᠶᠡᠯᠡᠭᠦᠯᠵᠦ ᠶᠠᠪᠤᠶ᠎ᠠ ᠭᠡᠰᠡᠨ ᠰᠠᠢᠬᠠᠨ ᠬᠦᠰᠡᠯ ᠲᠡᠭᠡᠨ ᠬᠥᠲᠦᠯᠦᠭᠳᠡᠨ ᠴᠢᠷᠮᠠᠶᠢᠯᠤᠭᠠ ︕
Copyight 2016 by nmgmzw.gov.cn All Rights Reserved