ᠨᠡᠷ᠎ᠡ:
ᠰ ᠂ ᠵᠠᠮᠢᠶᠠᠨ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠰ ᠂ ᠵᠠᠮᠢᠶᠠᠨ ᠂ ︵ ᠪᠦᠬᠦᠯᠢ ᠨᠡᠷ᠎ᠡ ᠵᠠᠮᠢᠶᠠᠨᠯᠤᠷᠤᠢ ︶ᠡᠷᠡᠭᠲᠡᠢ ᠂ ᠮᠣᠩᠭᠤᠯ ᠦᠨᠳᠦᠰᠦᠲᠡᠨ ᠂ 1957.9.29 ᠣ ᠡᠳᠦᠷ ᠠᠷᠤ ᠬᠣᠷᠴᠢᠨ ᠣ ᠬᠤᠨᠲᠤ ᠨᠤᠲᠤᠭ ᠤᠨ ᠪᠠᠢᠴᠠ ᠶ᠋ᠢᠨ ᠠᠢᠯ ᠳ᠋ᠥ ᠡᠪᠴᠢᠭᠦᠴᠢᠨ ᠠᠢᠮᠠᠭ ᠤ᠋ᠨ ᠰᠠᠮᠪᠠᠯ ᠂ ᠲᠠᠯᠤᠳ ᠠᠢᠮᠠᠭ ᠤ᠋ᠨ ᠬᠦᠤᠳᠡᠭᠦᠳᠤ ᠶᠢᠨ ᠤᠤᠭᠠᠨ ᠬᠦᠤ ᠨᠢ ᠪᠣᠯᠵᠤ ᠵᠠᠶᠠᠭᠠᠪᠠ ᠃1964 ︱1969 ᠣᠨ ᠳ᠋ᠥ ᠠᠷᠤ ᠬᠣᠷᠴᠢᠨ ᠬᠣᠰᠢᠭᠤᠨ ᠣ ᠬᠤᠨᠲᠤ ᠨᠢᠭᠡᠳᠦᠯ ᠦ᠋ᠨ ᠶᠠᠩᠼᠢ ᠭᠠᠴᠠᠭᠠᠨ ᠣ ᠪᠠᠭ᠎ᠠ ᠰᠤᠷᠭᠠᠭᠤᠯᠢ ᠳ᠋ᠥ ᠪᠢᠴᠢᠭ ᠦᠵᠡᠪᠡ ᠃1976 ︱ 1978 ᠳ᠋ᠤᠭᠠᠷ ᠣᠨ ᠳ᠋ᠥ ᠯᠢᠨᠳᠦ᠋ᠩ ᠳ᠋ᠡᠬᠢ ᠪᠠᠭᠰᠢ ᠶᠢᠨ ᠰᠤᠷᠭᠠᠭᠤᠯᠢ ᠳ᠋ᠥ ᠰᠤᠷᠤᠯᠴᠠᠵᠤ ᠂1978 ᠠᠵᠢᠯ ᠤᠨ ᠭᠠᠷᠤᠭ᠎ᠠ ᠠᠪᠴᠤ ᠂ ᠤᠷᠢᠳ ᠬᠣᠵᠢᠳ ᠪᠠᠶᠨᠬᠤᠸᠠ ᠬᠣᠶᠠᠳᠤᠭᠠᠷ ᠳᠤᠮᠳᠠᠳᠤ ᠰᠤᠷᠭᠠᠭᠤᠯᠢ ᠂ ᠬᠤᠨᠲᠤ ᠳ᠋ᠠᠬᠢ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠂ ᠬᠤᠨᠲᠤ ᠶᠡᠷᠦᠩᠬᠡᠢ ᠰᠤᠷᠭᠠᠭᠤᠯᠢ ᠳ᠋ᠥ ᠪᠠᠭᠰᠢ ᠶᠢᠨ ᠠᠯᠪᠠ ᠬᠠᠭᠠᠵᠤ ᠂ ᠪᠡᠶ᠎ᠡ ᠲᠠᠮᠢᠷ ᠂ ᠭᠠᠵᠠᠷ ᠵᠦᠢ ᠶᠢᠨ ᠬᠢᠴᠢᠶᠡᠯ ᠢ ᠵᠢᠭᠠᠵᠤ ᠳᠥᠴᠢᠭᠡᠳ ᠵᠢᠯ ᠠᠵᠢᠯᠯᠠᠭᠠᠳ 2017 ᠣᠨ ᠣ 9 ᠳ᠋ᠤᠭᠡᠷ ᠰᠠᠷ᠎ᠠ ᠳ᠋ᠥ ᠠᠵᠢᠯ ᠠ᠋ᠴᠠ ᠪᠠᠨ ᠠᠮᠠᠷᠠᠪᠠ ᠃ ᠳᠤᠮᠳᠠᠳᠤ ᠰᠤᠷᠭᠠᠭᠤᠯᠢ ᠶᠢᠨ ᠳᠡᠭᠡᠳᠦ ᠲᠡᠰ ᠦ᠋ᠨ ᠪᠠᠭᠰᠢ ᠶᠢᠨ ᠴᠣᠯᠠ ᠲᠠᠢ ᠃ ᠲᠡᠦᠬᠡ ᠰᠣᠶᠤᠯ ᠂ ᠤᠷᠠᠨ ᠵᠣᠬᠢᠶᠠᠯ ᠳ᠋ᠥ ᠤᠷᠮ᠎ᠠ ᠲᠠᠢ ᠂ ᠣᠷᠤᠨ ᠣ ᠳᠣᠲᠤᠨ᠎ᠠ ᠭᠠᠳᠠᠨᠠᠬᠢ ᠡᠯ᠎ᠡ ᠲᠥᠷᠦᠯ ᠦ᠋ᠨ ᠰᠣᠨᠢᠨ ᠰᠡᠳᠭᠦᠯ ᠳ᠋ᠥ ᠰᠢᠯᠦᠭ ᠂ ᠨᠠᠢᠷᠠᠭᠤᠯᠤᠯ ᠂ ᠨᠡᠢᠲᠡᠯᠡᠯ ᠂ ᠥᠭᠦᠯᠡᠯ ᠰᠢᠭᠦᠮᠵᠢ ᠵᠡᠷᠭᠡ ᠶᠢ 300 ᠢᠯᠡᠭᠦᠦ ᠬᠤᠪᠢ ᠨᠡᠢᠲᠡᠯᠡᠭᠦᠯᠵᠦ ᠂ ︽ ᠭᠠᠵᠠᠷ ᠤᠰᠤᠨ ᠪᠤᠶᠤ ᠰᠡᠳᠭᠢᠯ ᠦ᠋ᠨ ᠲᠠᠢᠯᠤᠨ ︾ ᠭᠡᠬᠦ ᠰᠢᠯᠦᠭ ᠦ᠋ᠨ ᠲᠡᠭᠦᠪᠦᠷᠢ ᠲᠠᠢ ᠃ ︽ ᠬᠤᠨᠲᠤ ᠶ᠋ᠢᠨ ᠰᠤᠷᠭᠠᠨ ᠬᠥᠮᠦᠵᠢᠯ ᠦ᠋ᠨ ᠣᠢᠯᠠᠯᠭ᠎ᠠ ︾ ᠂ ︽ ᠬᠤᠨᠲᠤ ᠳ᠋ᠠᠬᠢ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠣᠢᠯᠠᠯᠭ᠎ᠠ ︾ ᠂ ︽ ᠮᠣᠩᠭᠤᠯ ᠬᠠᠭᠠᠨᠲᠤ ᠲᠥᠷᠦ ᠶ᠋ᠢᠨ ᠨᠡᠢᠰᠯᠡᠯ ︱ ᠸᠴᠢᠷᠲᠤ ᠴᠠᠭᠠᠨ ᠬᠤᠳᠠ ︾ ᠵᠡᠷᠭᠡ ᠨᠣᠮ ᠢ᠋ ᠪᠤᠰᠤᠳ ᠲᠠᠢ ᠬᠠᠮᠲᠤᠷᠠᠨ ᠨᠠᠢᠷᠠᠭᠤᠯᠵᠤ ᠂ ︽ ᠠᠷᠤ ᠬᠣᠷᠴᠢᠨ ᠮᠣᠩᠭᠤᠯᠴᠤᠳ ᠤ᠋ᠨ ᠤᠯᠠᠮᠵᠢᠯᠠᠯᠲᠤ ᠣᠷᠤᠨ ᠰᠠᠭᠤᠴᠠ ︾ ᠂ ︽ ᠠᠷᠤ ᠬᠣᠷᠴᠢᠨ ᠮᠣᠩᠭᠤᠯᠴᠤᠳ ᠤ᠋ᠨ ᠤᠯᠠᠮᠵᠢᠯᠠᠯᠲᠤ ᠮᠠᠯ ᠠᠵᠤ ᠠᠬᠤᠢ ᠶ᠋ᠢᠨ ᠲᠤᠬᠠᠢ ᠲᠡᠮᠳᠡᠭᠯᠡᠯ ︾ ᠂ ︽ ᠤᠤ ᠮᠥᠷᠡᠨ ᠭᠣᠣᠯ ᠤ᠋ᠨ ᠰᠠᠪᠠ ᠳᠠᠭᠠᠤ ᠶ᠋ᠢᠨ ᠲᠡᠦᠬᠡ ᠰᠣᠶᠤᠯ ᠤ᠋ᠨ ᠤᠯᠠ ᠮᠥᠷ ︾ ᠵᠡᠷᠭᠡ ᠶᠢ ᠨᠠᠢᠷᠠᠭᠤᠯᠤᠨ ᠡᠮᠬᠢᠳᠭᠡᠵᠦ ᠬᠡᠪᠯᠡᠯ ᠳ᠋ᠥ ᠣᠷᠤᠭᠤᠯᠬᠤ ᠪᠡᠷ ᠪᠤᠢ ᠃ ᠠᠷᠤ ᠬᠣᠷᠴᠢᠨ ᠬᠣᠰᠢᠭᠤᠨ ᠣ ᠮᠣᠩᠭᠤᠯ ᠲᠡᠦᠬᠡ ᠶ᠋ᠢᠨ ᠨᠡᠢᠭᠡᠮᠯᠢᠭ ᠦ᠋ᠨ ᠪᠠᠢᠩᠭᠤ ᠶ᠋ᠢᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠤᠯᠠᠭᠠᠨᠬᠠᠳᠠ ᠬᠤᠳᠠ ᠶᠢᠨ ᠵᠠᠰᠠᠭ ᠤᠨ ᠣᠷᠳᠤᠨ ᠣ ︽ ᠦᠨᠳᠦᠰᠦᠲᠡᠨ ᠦ᠌ ᠰᠤᠷᠭᠠᠨ ᠬᠥᠮᠦᠵᠢᠯ ᠦ᠋ᠨ ᠲᠡᠷᠢᠭᠦᠨ ᠣ ᠠᠵᠢᠯᠲᠠᠨ ︾ ᠣ ᠱᠠᠩᠨᠠᠯ ᠂ ︽ ᠬᠥᠳᠡᠭᠡ ᠳ᠋ᠡᠭᠡᠨ ᠣᠴᠢᠨ᠎ᠠ ᠳ᠋ᠠ ︾ ᠬᠡᠦᠬᠡᠳ ᠦ᠋ᠨ ᠳᠠᠭᠤᠤ ᠨᠢ ᠥᠪᠦᠷ ᠮᠣᠩᠭᠤᠯ ᠤ᠋ᠨ ᠷᠠᠳᠢᠣ᠋ ᠲᠧᠯᠸᠢᠰ ᠬᠣᠷᠢᠶ᠎ᠠ ᠶ᠋ᠢᠨ ᠭᠤᠷᠪᠠᠳᠤᠭᠠᠷ ᠲᠡᠰ ᠦ᠋ᠨ ᠱᠠᠩᠨᠠᠯ ᠢ ᠬᠦᠷᠲᠡᠪᠡ ᠃ ᠭᠠ ᠮᠥᠩᠬᠡᠳᠡᠯᠭᠡᠷ ᠂ ᠢᠷᠠᠭᠤ ᠨᠠᠢᠷᠠᠭᠴᠢ ᠭᠠᠳᠠᠨ ᠂ ᠮᠠᠯᠴᠢᠨ ᠪᠦᠰᠡᠭᠦᠢ ᠠᠯᠲᠠᠨᠴᠡᠴᠡᠭ ᠣᠨ ᠬᠠᠯᠠᠭᠤᠨ ᠴᠢᠰᠤ ᠪᠦᠯᠢᠶᠡᠨ ᠰᠦᠨ ᠣ ᠦᠷᠭᠦᠯᠵᠢᠯᠡᠯ ᠪᠣᠯᠵᠤ ᠵᠠᠷᠤᠳ ᠬᠣᠰᠢᠭᠤᠨ ᠣ ᠭᠡᠷᠴᠢᠯᠠᠭᠤ ᠰᠤᠮᠤᠨ ᠣ ᠤᠳᠤᠮ ᠨᠤᠲᠤᠭ ᠲᠣ ᠠᠩᠬᠠᠨ ᠣ ᠳᠠᠭᠤ ᠪᠠᠨ ᠬᠠᠲᠠᠭᠠᠵᠠᠢ ᠃ ᠳᠥᠷᠪᠡᠨ ᠴᠠᠭ ᠣᠨ ᠨᠡᠭᠦᠳᠡᠯ ᠲᠠᠢ ᠳᠥᠷᠦᠭᠡᠨ ᠳᠡᠭᠡᠷ᠎ᠡ ᠪᠡᠨ ᠵᠣᠭᠰᠤᠭᠠᠯ ᠲᠠᠢ ᠬᠥᠮᠦᠨ ᠪᠠᠢᠭᠠᠯᠢ ᠵᠣᠬᠢᠴᠠᠯᠳᠤᠭᠰᠠᠨ ᠬᠦᠮᠡᠯᠢ ᠲᠠᠭᠠᠨ᠎ᠠ ᠲᠠᠢ ᠪᠠᠨ ᠬᠥᠲᠦᠯᠦᠯᠴᠡᠭᠰᠡᠨ ᠠᠬᠤᠢ ᠲᠠᠩᠰᠤᠭ ᠤᠰᠤ ᠨᠤᠲᠤᠭ ᠨᠢ ᠤᠶᠠᠩᠭ᠎ᠠ ᠶᠢᠨ ᠬᠠᠷᠠᠭᠠᠨ ᠳ᠋ᠥ ᠨᠢ ᠰᠦ᠋ ᠳᠤᠰᠤᠭᠠᠵᠤ ᠠᠭᠤᠰᠭᠢᠨ ᠣ ᠰᠤᠳᠠᠰᠤᠨ ᠳ᠋ᠥ ᠨᠢ ᠬᠠᠢᠷ᠎ᠠ ᠢᠪᠢᠯᠭᠡᠵᠦ ᠂ ᠪᠦᠳᠦᠷᠢᠵᠦ ᠤᠨᠠᠭᠠᠭᠰᠠᠨ ᠴᠢᠯᠠᠭᠤ ᠂ ᠪᠤᠲᠠᠨ ᠣ ᠬᠢᠨᠢ ᠰᠢᠷᠬᠡᠭ ᠥᠷᠭᠡᠰᠦ ᠨᠢ ᠬᠦᠷᠲᠡᠯ᠎ᠡ ᠬᠥᠮᠦᠨ ᠶᠠᠪᠤᠬᠤ ᠶᠢᠨ ᠤᠬᠠᠭ᠎ᠠ ᠬᠡᠷᠰᠡᠦ ᠨᠠᠰᠤᠨ ᠣ ᠮᠥᠷᠦᠭᠡᠳᠦᠯ ᠪᠣᠯᠵᠤ ᠣᠳᠣ ᠳ᠋ᠥ ᠬᠦᠷᠭᠡᠵᠡᠢ ᠃ ᠢᠯᠠᠩᠭᠤᠶ᠎ᠠ ᠨᠠᠢᠷᠠᠭᠴᠢ ᠪᠤᠭᠤᠷᠤᠯ ᠠᠪᠤ ᠵᠢᠴᠢ ᠨᠤᠲᠤᠭ ᠤᠰᠤᠨ ᠣ ᠪᠠᠨ ᠤᠯᠠᠨ ᠰᠠᠢᠬᠠᠨ ᠤᠷᠠᠨ ᠪᠦᠲᠦᠭᠡᠯᠴᠢᠳ ᠣᠨ ᠢᠶᠠᠨ ᠨᠥᠯᠦᠭᠡ ᠰᠤᠷᠭᠠᠯ ᠢᠶᠠᠷ ᠢᠷᠠᠭᠤ ᠨᠠᠢᠷᠠᠭ ᠲᠣ ᠬᠥᠲᠦᠯᠦᠭᠳᠡᠵᠦ ᠥᠪᠡᠷ ᠣᠨ ᠢᠶᠠᠨ ᠳᠣᠲᠤᠭᠠᠳᠤ ᠰᠡᠳᠭᠢᠯᠭᠡᠨ ᠣ ᠪᠠᠨ ᠭᠦᠨ ᠤᠷᠤᠭᠤ ᠂ ᠭᠠᠵᠠᠷ ᠣᠨ ᠦᠨᠳᠦᠰᠦ ᠤᠷᠤᠭᠤ ᠂ ᠭᠠᠭᠴᠠᠬᠠᠨ ᠴᠡᠴᠡᠭ ᠤᠷᠭᠤᠬᠤ ᠳ᠋ᠥ ᠮᠢᠩᠭᠠᠨ ᠮᠥᠬᠦᠯᠢᠭ ᠴᠢᠯᠠᠭᠤ ᠬᠡᠪᠲᠡᠷᠢ ᠪᠡᠨ ᠵᠠᠢᠴᠢᠯᠠᠵᠤ ᠥᠭᠳᠡᠭ ᠠᠬᠤᠢ ᠪᠠᠢᠭᠠᠯᠢ ᠶ᠋ᠢᠨ ᠢ᠋ᠶ᠋ᠠᠨ ᠠᠮᠢᠨ ᠰᠦᠨᠡᠰᠦ ᠤᠷᠤᠭᠤ ᠬᠣᠷᠢᠭᠠᠳ ᠵᠢᠯ ᠣᠨ ᠲᠤᠷᠰᠢ ᠡᠬᠡ ᠬᠡᠯᠡᠨ ᠣ ᠪᠠᠨ ᠤᠷᠠᠨ ᠪᠠᠶᠠᠯᠢᠭ ᠢᠶᠠᠷ ᠡᠮᠵᠡᠭ ᠰᠡᠳᠭᠢᠯ ᠣᠨ ᠢᠶᠠᠨ ᠤᠷᠢ ᠳᠠᠭᠤ ᠪᠠᠨ ᠤᠶᠠᠩᠭᠠᠯᠠᠵᠤ ᠢᠷᠡᠬᠦ ᠳ᠋ᠥ ᠪᠠᠨ1991 ᠣᠨ ᠳ᠋ᠥ ᠥᠨᠳᠦᠷ ᠳᠤᠮᠳᠠᠳᠤ ᠳ᠋ᠥ ᠰᠤᠷᠤᠯᠴᠠᠵᠤ ᠪᠠᠢᠬᠤ ᠳ᠋ᠥ ᠪᠠᠨ ︽ ᠰᠢᠷ᠎ᠠ ᠪᠦᠷᠦᠢ ︾ ᠬᠡᠮᠡᠬᠦ ᠰᠢᠯᠦᠭ ᠢ᠋ᠶ᠋ᠡᠨ ︽ ᠵᠢᠷᠢᠮ ᠣᠨ ᠰᠣᠨᠢᠨ ︾ ᠳ᠋ᠥ ᠠᠩᠬᠠᠯᠠᠨ ᠨᠡᠢᠲᠡᠯᠡᠭᠦᠯᠦᠭᠰᠡᠨ ᠡᠴᠡ ᠨᠠᠭᠠᠰᠢ ᠣᠷᠤᠨ ᠠᠢᠮᠠᠭ ᠣᠨ ᠰᠣᠨᠢᠨ ᠰᠡᠳᠭᠦᠯ ᠤᠳ ᠢ᠋ᠶ᠋ᠠᠷ ᠠᠯᠳᠠᠭ ᠤᠨᠤᠭ ᠨᠡᠢᠲᠡᠯᠡᠭᠦᠯᠦᠭᠰᠡᠭᠡᠷ ᠢᠷᠡᠵᠡᠢ ᠃ ᠡᠨᠡ ᠲᠠᠰᠢᠷᠠᠮ ᠢᠶᠠᠷ ︽ ᠲᠡᠭᠷᠢ ᠶᠢᠨ ᠪᠤᠲᠤᠭᠤ ︾ ︽ ᠴᠢᠩᠭᠢᠰ ᠣᠨ ᠠᠯᠲᠠᠨ ᠲᠡᠪᠰᠢ ︾ ︽ ᠮᠥᠩᠬᠡ ᠤᠷᠤᠰᠭᠠᠯ ︾ ︽ ᠪᠦᠦᠪᠡᠢ ᠳᠡᠯᠡᠬᠡᠢ ︾ ᠂ ᠂ ᠂ ᠭᠡᠬᠦ ᠮᠡᠲᠦ ᠶᠢᠨ ᠤᠯᠤᠰ ᠣᠷᠤᠨ ᠠᠢᠮᠠᠭ ᠣᠨ ᠳᠡᠰ ᠣᠨ ᠤᠯᠠᠨ ᠰᠠᠢᠬᠠᠨ ᠮᠥᠷᠦᠢᠴᠡᠭᠡᠨ ᠢ᠋ᠶ᠋ᠡᠷ ᠢᠷᠠᠭᠤ ᠨᠠᠢᠷᠠᠭ ᠣᠨ ᠰᠣᠷᠢᠭ᠎ᠠ ᠲᠠᠯᠪᠢᠵᠤ ᠳᠦᠷᠦᠭᠡ ᠴᠢᠩᠭᠠᠯᠠᠵᠤ ᠶᠠᠪᠤᠭᠰᠠᠨ ᠤᠷᠮᠠᠰᠢᠯ ᠲᠠᠢ ᠪᠢᠯᠡ ᠃ ︽ ᠠᠳᠤᠭᠤᠨ ᠣ ᠲᠠᠮᠠᠭ᠎ᠠ ︾ ᠬᠡᠮᠡᠬᠦ ᠰᠢᠯᠦᠭ ᠣᠨ ᠨᠣᠮ ᠲᠠᠢ ᠃ ︽ ᠮᠣᠩᠭᠤᠯ ᠠ᠋ᠴᠠ ᠥᠭᠡᠷ᠎ᠡ ᠰᠡᠳᠭᠢᠯ ᠦᠭᠡᠢ ᠰᠣᠶᠤᠯ ᠠ᠋ᠴᠠ ᠥᠭᠡᠷ᠎ᠡ ᠠᠪᠤᠷᠠᠯ ᠦᠭᠡᠢ ︾ ᠬᠡᠮᠡᠬᠦ ᠭᠠᠭᠴᠠ ᠵᠢᠯᠤᠭᠤᠨ ᠳ᠋ᠥ ᠰᠣᠢᠭᠳᠠᠭᠰᠠᠨ ᠬᠦᠰᠡᠯ ᠳ᠋ᠥ ᠪᠠᠨ ᠬᠥᠲᠦᠯᠦᠭᠳᠡᠵᠦ ᠣᠳᠣ ᠭᠡᠷᠴᠢᠯᠠᠭᠤ ᠰᠤᠷᠭᠠᠭᠤᠯᠢ ᠶᠢᠨ ᠮᠣᠩᠭᠤᠯ ᠬᠡᠯᠡᠨ ᠣ ᠪᠠᠭᠰᠢ ᠶᠢᠨ ᠭᠠᠷᠤᠭᠠᠨ ᠳ᠋ᠥ ᠢᠷᠠᠭᠤ ᠨᠠᠢᠷᠠᠭ ᠲᠠᠢ ᠪᠠᠨ ᠬᠠᠮᠲᠤ ᠳᠦᠩᠭᠦᠷ ᠳᠠᠩᠭᠠᠷ ᠭᠡᠯᠴᠡᠵᠦ ᠂ ᠢᠷᠡᠬᠦ ᠴᠠᠭ ᠣᠨ ᠡᠵᠡᠳ︱ ᠰᠤᠷᠤᠭᠴᠢᠳ ᠲᠠᠢ ᠪᠠᠨ ᠬᠠᠩᠭᠢᠷ ᠵᠢᠩᠭᠢᠷ ᠵᠢᠷᠭᠢᠵᠦ ᠶᠠᠪᠤᠭ᠎ᠠ ᠃
Copyight 2016 by nmgmzw.gov.cn All Rights Reserved