ᠨᠡᠷ᠎ᠡ:
ᠴ · ᠮᠦᠩᠭᠦᠡᠡᠷᠳᠡᠨᠢ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠴ · ᠮᠦᠩᠭᠦᠡᠡᠷᠳᠡᠨᠢ ︵ ᠪᠠᠭ᠎ᠠ ᠶᠢᠨ ᠨᠡᠷ᠎ᠡ ᠄ ᠶᠢᠨ ᠪᠤᠤ ︶ ᠂ 1966 ᠣᠨ ᠳ᠋ᠥ ᠲᠦᠩᠯᠢᠶᠣᠤ ᠬᠣᠲᠠ ᠶ᠋ᠢᠨ ᠬᠣᠷᠴᠢᠨ ᠵᠡᠭᠦᠨ ᠭᠠᠷᠤᠨ ᠬᠣᠢᠲᠤ ᠬᠣᠰᠢᠭᠤᠨ ᠣ ᠮᠣᠳᠤᠲᠤ ᠰᠤᠮᠤ ᠶᠢᠨ ᠳ᠋ᠠᠰᠢᠮᠠᠯ ᠭᠠᠴᠠᠭᠠᠨ ᠳ᠋ᠥ ᠴᠠᠩ ᠮᠢᠩ ᠂ ᠯᠠᠶᠢᠰᠶᠤᠤ ᠶᠢᠨ ᠤᠤᠭᠠᠨ ᠬᠥᠪᠡᠭᠦᠨ ᠪᠣᠯᠵᠤ ᠵᠠᠶᠠᠭᠠᠪᠠ ᠃ 1986 ᠣᠨ ᠳ᠋ᠥ ᠬᠣᠢᠲᠤ ᠬᠣᠰᠢᠭᠤᠨ ᠤ᠋ ᠪᠠᠭᠰᠢ ᠶᠢᠨ ᠰᠤᠷᠭᠠᠭᠤᠯᠢ ᠂ 1994 ᠣᠨ ᠳ᠋ᠥ ᠤᠤᠯ ᠤᠨ ᠵᠢᠷᠢᠮ ᠠᠢᠮᠠᠭ ᠤ᠋ᠨ ᠰᠤᠷᠭᠠᠨ ᠬᠥᠮᠦᠵᠢᠯ ᠦ᠋ᠨ ᠳᠡᠭᠡᠳᠦ ᠰᠤᠷᠭᠠᠭᠤᠯᠢ ᠶᠢᠨ ᠬᠡᠯᠡ ᠤᠳᠭ᠎ᠠ ᠵᠣᠬᠢᠶᠠᠯ ᠤ᠋ᠨ ᠵᠠᠬᠢᠳᠠᠯ ᠢ᠋ᠶ᠋ᠠᠷ ᠰᠤᠷᠬᠤ ᠲᠤᠰᠭᠠᠢ ᠠᠩᠭᠢ ᠂ 2012 ᠣᠨ ᠳ᠋ᠥ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢᠨ ᠤᠳᠭ᠎ᠠ ᠵᠣᠬᠢᠶᠠᠯ ᠰᠤᠳᠤᠯᠬᠤ ᠠᠩᠭᠢ ᠶᠢ ᠲᠤᠰ ᠲᠤᠰ ᠲᠡᠭᠦᠰᠪᠡ ᠃ 1986 ᠣᠨ ᠳ᠋ᠥ ᠠᠩᠬᠠᠨ ᠣ ᠰᠢᠯᠦᠭ ︽ ᠬᠥᠷᠦᠰᠦᠨ ᠳ᠋ᠥ ᠤᠨᠠᠯ᠎ᠠ ᠴᠢ ︾ ᠪᠠᠨ ︽ ᠵᠢᠷᠢᠮ ᠦᠨ ᠰᠣᠨᠢᠨ ︾ ᠳ᠋ᠥ ᠨᠡᠢᠲᠡᠯᠡᠭᠰᠡᠨ ᠡᠴᠡ ᠨᠠᠭᠠᠰᠢ ᠣᠷᠤᠨ ᠣ ᠳᠣᠲᠤᠷ᠎ᠠ ᠭᠠᠳᠠᠨᠠᠬᠢ ᠰᠣᠨᠢᠨ ᠰᠡᠳᠭᠦᠯ ︽ ᠳᠤᠮᠳᠠᠳᠤ ᠶᠢᠨ ᠦᠨᠳᠦᠰᠦᠲᠡᠨ ︾ ᠂ ︽ ᠥᠨᠢᠷ ᠴᠡᠴᠡᠭ ︾ ᠂ ︽ ᠬᠢᠯᠢᠴᠢᠳ ︾ ᠂ ︽ ᠥᠪᠦᠷ ᠮᠣᠩᠭᠤᠯ ᠤ᠋ᠨ ᠡᠳᠦᠷ ᠦᠨ ᠰᠣᠨᠢᠨ ︾ ᠂ ︽ ᠥᠪᠦᠷ ᠮᠣᠩᠭᠤᠯ ᠤ᠋ᠨ ᠵᠠᠯᠠᠭᠤᠴᠤᠳ ︾ ᠂ ︽ ᠬᠤᠨ ᠭᠠᠯᠠᠭᠤ ︾ ᠂ ︽ ᠰᠢᠯᠢ ᠶᠢᠨ ᠭᠣᠣᠯ ︾ ᠂ ︽ ᠵᠢᠷᠢᠮ ᠦᠨ ᠤᠷᠠᠨ ᠵᠣᠬᠢᠶᠠᠯ ︾ ᠂ ︿ ᠠᠯᠳᠠᠨ ᠭᠠᠨᠳᠠᠷᠢ ﹀ ᠂ ︿ ᠴᠡᠯᠡᠭᠡᠷ ᠲᠠᠯ᠎ᠠ ﹀ ᠂ ︿ ᠰᠢᠷ᠎ᠠ ᠮᠥᠷᠡᠨ ﹀ ᠂ ︽ ᠠᠯᠲᠠᠨ ᠬᠢᠩᠭᠠᠨ ︾ ᠂ ︽ ᠬᠥᠯᠦᠨ ᠪᠤᠶᠢᠷ ︾ ᠁ ᠵᠡᠷᠭᠡ 20 ᠭᠠᠷᠤᠢ ᠰᠣᠨᠢᠨ ᠰᠡᠳᠭᠦᠯ ᠪᠣᠯᠤᠨ ᠬᠣᠯᠪᠤᠭ᠎ᠠ ᠰᠦᠯᠵᠢᠶ᠎ᠡ ᠂ ᠳᠤᠮᠳᠠᠳᠤ ᠤᠯᠤᠰ ᠤᠨ ᠮᠣᠩᠭᠤᠯ ᠬᠡᠯᠡᠨ ᠦ᠌ ᠰᠣᠨᠢᠨ ᠮᠡᠳᠡᠭᠡᠨ ᠦ᠌ ᠰᠦᠯᠵᠢᠶ᠎ᠡ ᠁ ᠵᠡᠷᠭᠡ ᠳ᠋ᠥ ︽ ᠮᠣᠩᠭᠤᠯ ᠪᠦᠰᠡᠭᠦᠢ ︾ ᠂ ︽ ᠪᠦᠷᠭᠦᠳ ᠦᠨ ᠥᠯᠦᠭᠡᠢ ︾ ᠂ ︽ ᠲᠠᠷᠢᠶᠠᠴᠢᠨ ᠣ ᠳᠠᠭᠤᠤ ︾ ᠂ ︽ ᠳᠠᠯᠠᠢ ︾ ᠂ ︽ ᠮᠣᠷᠢ ︾ ᠂ ︿ ᠠᠮᠢᠳᠤ ᠶ᠋ᠢᠨ ᠲᠠᠮᠤ ᠳ᠋ᠥ ᠤᠩᠰᠢᠬᠤ ᠰᠢᠯᠦᠭ ﹀ ᠂ ︿ ᠵᠢᠭᠠᠷ ᠤᠨ ᠦᠨᠦᠷ ﹀ ᠂ ︿ ᠮᠢᠨᠤ ᠳᠠᠢᠰᠤᠨ ﹀ ᠵᠡᠷᠭᠡ 1000 ᠭᠠᠷᠤᠢ ᠰᠢᠯᠦᠭ ᠨᠠᠢᠷᠠᠭᠯᠠᠯ ︔ ︽ ᠬᠥᠭᠡᠰᠦᠨ ᠫᠤᠷᠭᠢᠶᠠ ︾ ᠂ ︽ ᠭᠤᠷᠪᠠᠳᠠᠬᠢ ᠬᠣᠣᠰ ᠭᠠᠷ ᠬᠠᠮᠢᠭ᠎ᠠ ᠪᠠᠢᠬᠤ ᠪᠤᠢ ︖ ︾ ᠂ ︿ ᠶᠡᠬᠡ ᠶᠡᠭᠦᠷᠡᠯᠲᠡ ﹀ ᠂ ︽ ᠰᠡᠷᠡᠬᠦ ᠶᠢᠨ ᠲᠠᠷᠴᠢᠯᠠᠭᠠ ︾ ᠂ ︽ ᠨᠣᠭᠤᠭᠠᠨ ᠣᠷᠬᠢᠭᠤᠯ ᠲᠠᠢ ᠬᠠᠭᠠᠯᠭ᠎ᠠ ︾ ᠂ ︿ ᠢᠷᠡᠭᠡᠳᠦᠢ ᠶᠢᠨ ᠬᠥᠮᠦᠨ ﹀ ᠂ ︿ ᠵᠠᠯᠪᠠᠷᠢᠯ ﹀ ᠂ ︽ ᠵᠡᠭᠦᠳᠦ ᠦᠨᠡᠨ ᠣ ᠠᠭᠤᠯᠵᠠᠷ ᠲᠤ ︾ ᠂ ︿ ᠴᠡᠪᠡᠷ ᠠᠷᠢᠭᠤᠨ ᠤ ᠰᠢᠳᠢ ﹀ ᠂ ︿ ᠪᠦᠰᠡᠭᠦᠢ ᠵᠣᠷᠢᠭ ᠪᠥᠬᠦᠰᠢ ᠦᠭᠡᠢ ︾ ᠂ ︽ ᠲᠠᠷᠢᠶᠠᠴᠢᠨ ︾ ᠂ ︽ ᠦᠯᠦ ᠮᠡᠳᠡᠭᠳᠡᠬᠦ ᠬᠥᠰᠢᠶ᠎ᠡ ︾ ᠂ ︿ ᠠᠭᠤᠯᠠᠰ ᠠᠴᠠ ᠤᠯᠬᠤ ᠬᠦᠴᠦ ﹀ ᠁ ᠵᠡᠷᠭᠡ 8 0 ᠭᠠᠷᠤᠢ ᠥᠭᠦᠯᠡᠯᠭᠡ ᠨᠠᠢᠷᠠᠭᠤᠯᠤᠯ ︔ ︿ ᠬᠤᠯᠤᠭᠠᠨ᠎ᠠ ᠶᠢᠨ ᠶᠢᠷᠲᠢᠨᠴᠦ ᠶᠢᠨ ᠬᠤᠳᠠᠯ ᠦᠨᠡᠨ ᠳᠡᠪᠵᠢᠶᠡᠨ ︾ ᠂ ︿ ᠭᠡᠳᠡᠷᠭᠦ ᠪᠤᠴᠠᠯᠲᠠ ﹀ ᠂ ᠪᠠᠷᠢᠮᠲᠠᠲᠤ ᠲᠤᠭᠤᠵᠢ ︿ ᠡᠮᠡᠭᠡᠯ ᠠᠪᠤ ﹀ ᠵᠡᠷᠭᠡ 3 ᠲᠤᠭᠤᠵᠢ ᠄ ︽ ᠬᠥᠩᠭᠡᠨ ᠮᠣᠷᠢᠲᠤ ᠴᠡᠷᠢᠭ ᠦᠨ ᠳᠠᠭᠤᠯᠠᠯ ︾ ᠂ ︽ ᠡᠭᠦᠯᠡ ᠴᠡᠩᠭᠡᠷ ᠪᠠᠶᠠᠨᠪᠤᠯᠠᠭ ᠂ ᠦᠢᠯᠡᠰ ᠳᠡᠯᠭᠡᠷ ᠪᠠᠲᠤᠳᠠᠯᠠᠢ ︾ ᠂ ︽ ᠤᠷᠭ᠎ᠠ ᠶᠢᠨ ᠦᠵᠦᠭᠦᠷ ᠤᠶᠠᠩᠭᠠᠷᠠᠭᠰᠠᠨ ᠤᠷᠠᠨ ᠬᠥᠬᠦᠭᠡ ᠶ᠋ᠢᠨ ᠡᠭᠡᠰᠢᠭ ︾ ᠂ ︿ ᠡᠷᠭᠢ ᠱᠤᠷᠠᠭ ᠤᠨ ᠭᠢᠯᠪᠠᠭ᠎ᠠ ﹀ ᠁ ᠵᠡᠷᠭᠡ 20 ᠭᠠᠷᠤᠢ ᠮᠡᠳᠡᠭᠡᠯᠡᠯ ᠦᠨ ᠤᠷᠠᠨ ᠵᠣᠬᠢᠶᠠᠯ ︔ ︿ ᠳᠤᠶᠢᠴᠢᠯ ᠰᠢᠭᠦᠮᠵᠢᠲᠦ ᠬᠣᠱᠤᠩ ᠶᠦᠮᠦᠷ ᠰᠢᠯᠦᠭ ﹀ ᠂ ︿ ᠴᠡᠯᠮᠡᠭᠦᠨ ᠭᠡᠭᠡᠮᠰᠦᠭ ᠰᠢᠯᠦᠭ ᠦ᠋ᠨ ᠤᠴᠢᠷ ﹀ ᠂ ︿ ᠠᠷᠠᠳ ᠲᠦᠮᠡᠨ ᠦ᠌ ᠰᠣᠩᠭᠤᠯᠲᠠ ᠠᠯᠢᠪᠠ ᠶ᠋ᠢ ᠲᠣᠭᠲᠠᠭᠠᠳᠠᠭ ﹀ ᠂ ︿ ᠵᠠᠷᠤᠳ ᠬᠤᠭᠤᠷᠴᠢᠳ ᠲᠣ ᠲᠤᠯᠭᠠᠷᠠᠵᠤ ᠪᠠᠢᠭ᠎ᠠ ᠬᠡᠳᠦᠨ ᠠᠰᠠᠭᠤᠳᠠᠯ ﹀ ᠂ ︿ ᠤᠳᠭ᠎ᠠ ᠵᠣᠬᠢᠶᠠᠯ ᠤᠷᠠᠯᠢᠭ ᠤᠨ ᠲᠤᠬᠠᠢ ᠰᠢᠨ᠎ᠡ ᠣᠢᠯᠭᠠᠯᠲᠠ ﹀ ᠁ ᠵᠡᠷᠭᠡ 10 ᠭᠠᠷᠤᠢ ᠥᠭᠦᠯᠡᠯ ᠰᠢᠭᠦᠮᠵᠢ ︔ ᠱᠣᠭ ᠶᠦᠮᠦᠷ ᠂ ᠮᠡᠳᠡᠭᠡ ᠴᠢᠮᠡᠭᠡᠯᠡᠯ 220 ᠭᠠᠷᠤᠢ ᠬᠤᠪᠢ ᠨᠡᠢᠲᠡᠯᠡᠭᠰᠡᠨ ᠪᠠᠢᠨ᠎ᠠ ᠃ ᠡᠭᠦᠨ ᠳ᠋ᠥ ︽ ᠡᠬᠡ ᠮᠣᠩᠭᠤᠯ ᠬᠡᠯᠡ ︾ ᠭᠡᠬᠦ ᠰᠢᠯᠦᠭ ᠨᠢ ᠥᠪᠡᠷᠲᠡᠭᠡᠨ ᠵᠠᠰᠠᠬᠤ ᠣᠷᠤᠨ ᠣ ᠠᠩᠬᠠᠳᠤᠭᠠᠷ ᠤᠳᠠᠭᠠᠨ ᠣ ︽ ᠭᠢᠯᠦᠭᠡᠨ ᠤᠶᠠᠩᠭ᠎ᠠ ︾ ᠠᠯᠲᠠᠨ ᠣᠳᠤᠨ ᠢᠷᠠᠭᠤ ᠨᠠᠢᠷᠠᠭ ᠤ᠋ᠨ ᠱᠠᠩᠨᠠᠯᠲᠤ ᠮᠥᠷᠦᠢᠴᠡᠭᠡᠨ ᠳ᠋ᠥ ᠰᠢᠯᠢᠳᠡᠭ ᠱᠠᠩᠨᠠᠯ ᠲᠤᠰᠴᠤ ᠂ ᠨᠠᠢᠷᠠᠭᠯᠠᠯ ︽ ᠲᠠᠷᠢᠶᠠᠴᠢᠨ ᠣ ᠳᠠᠭᠤᠤ ︾ ᠨᠢ ᠠᠩᠬᠠᠳᠤᠭᠠᠷ ᠤᠳᠠᠭᠠᠨ ᠤ ︿ ᠵᠢᠷᠢᠮ ᠦ᠋ᠨ ᠤᠷᠠᠨ ᠵᠣᠬᠢᠶᠠᠯ ﹀ ᠤᠨ ᠸᠠᠩ ᠰᠢᠤᠸᠠᠢ ᠵᠢᠶᠦ᠋ᠨ ᠬᠤᠨᠳᠠᠭᠠᠲᠤ ᠤᠷᠠᠨ ᠵᠣᠬᠢᠶᠠᠯ ᠤ᠋ᠨ ᠤᠷᠤᠯᠳᠤᠭᠠᠨ ᠤ ᠭᠤᠷᠪᠠᠳᠤᠭᠠᠷ ᠳᠡᠰ ᠦ᠋ᠨ ᠱᠠᠩᠨᠠᠯ ︔ ︽ ᠭᠤᠷᠪᠠᠳᠠᠬᠢ ᠬᠣᠣᠰ ᠭᠠᠷ ᠬᠠᠮᠢᠭ᠎ᠠ ᠪᠠᠢᠨ᠎ᠠ ᠪᠤᠢ ︾ ᠭᠡᠬᠦ ᠥᠭᠦᠯᠡᠯᠭᠡ ᠨᠢ ︿ ᠥᠨᠢᠷ ᠴᠡᠴᠡᠭ ﹀ ᠰᠡᠳᠭᠦᠯ ᠦ᠋ᠨ ᠠᠩᠬᠠᠳᠤᠭᠠᠷ ᠤᠳᠠᠭᠠᠨ ᠤ᠋ ᠭᠢᠯᠪᠡᠭᠡᠨ ᠥᠭᠦᠯᠡᠯᠭᠡ ᠶ᠋ᠢᠨ ᠤᠷᠤᠯᠳᠤᠭᠠᠨ ᠤ ᠭᠤᠷᠪᠠᠳᠤᠭᠠᠷ ᠳᠡᠰ ᠦ᠋ᠨ ᠱᠠᠩᠨᠠᠯ ᠳᠤᠰᠴᠤ ︔ ᠲᠤᠭᠤᠵᠢ ︿ ᠬᠤᠯᠤᠭᠠᠨ᠎ᠠ ᠶᠢᠨ ᠶᠢᠷᠲᠢᠨᠴᠦ ᠶᠢᠨ ᠬᠤᠳᠠᠯ ᠦᠨᠡᠨ ᠳᠡᠪᠵᠢᠶᠡᠨ ︾ ᠨᠢ 2015 ᠣᠨ ᠳ᠋ᠥ ︿ ᠥᠭᠡᠳᠡ ﹀ ᠬᠤᠨᠳᠠᠭᠠᠲᠤ ᠮᠣᠩᠭᠤᠯ ᠤᠷᠠᠨ ᠵᠣᠬᠢᠶᠠᠯ ᠤ᠋ᠨ ᠱᠠᠩᠨᠠᠯ ᠤᠨ ᠰᠢᠯᠢᠳᠡᠭ ᠱᠠᠩᠨᠠᠯ ︔ ︿ ᠡᠬᠡ ᠣᠷᠤᠨ ᠮᠢᠨᠢ ﹀ ᠭᠡᠬᠦ ᠰᠢᠯᠦᠭ ᠨᠢ ︿ ᠬᠢᠯᠢᠴᠢᠳ ᠰᠡᠳᠭᠦᠯ ﹀ ᠤᠨ ᠤᠯᠤᠰ ᠪᠠᠢᠭᠤᠯᠤᠭᠳᠠᠭᠰᠠᠨ ᠵᠢᠷᠠᠨ ᠵᠢᠯ ᠦ᠋ᠨ ᠤᠢ ᠶᠢ ᠪᠡᠯᠭᠡᠯᠡᠬᠦ ᠱᠠᠩᠨᠠᠯᠲᠤ ᠡᠭᠡ ᠪᠢᠴᠢᠭ ᠦ᠋ᠨ ᠤᠷᠤᠯᠳᠤᠭᠠᠨ ᠳ᠋ᠥ ᠨᠢᠭᠡᠳᠦᠭᠡᠷ ᠳᠡᠰ ᠲᠣ ᠲᠣᠳᠤᠷᠠᠪᠠ ᠃ ᠴ ᠂ ᠮᠦᠩᠭᠦᠠᠠᠷᠳᠡᠨᠢ ᠪᠣᠯ ᠳᠤᠮᠳᠠᠳᠤ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠪᠣᠯᠤᠨ᠎ᠠ ᠃
Copyight 2016 by nmgmzw.gov.cn All Rights Reserved