ᠨᠡᠷ᠎ᠡ:
ᠪᠥᠬᠡᠵᠢᠷᠭᠠᠯ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠪᠥᠬᠡᠵᠢᠷᠭᠠᠯ ᠂ ᠡᠷᠡᠭᠲᠡᠢ ᠂ ᠪᠢᠷ ᠦᠨ ᠨᠡᠷ᠎ᠡ ︵ ᠴ · ᠪᠥᠬᠡᠵᠢᠷᠭᠠᠯ ᠂ ᠰᠢᠷᠠᠨᠤᠳ ᠪᠥᠬᠡᠵᠢᠷᠭᠠᠯ ᠂ ᠵᠢᠷᠭᠠᠯ ᠂ ᠢᠷᠠᠭᠤ ︶ ᠂ ᠮᠣᠩᠭᠤᠯ ᠦᠨᠳᠦᠰᠦᠲᠡᠨ ᠂ ᠲᠦᠩᠯᠢᠶᠣᠤ ᠬᠤᠳᠠ ᠵᠢᠨ ᠨᠠᠢ᠍ᠮᠠᠨ ᠬᠣᠰᠢᠭᠤᠨ ᠤ᠋ ᠾᠢ ᠠᠨ ᠪᠠᠯᠭᠠᠰᠤᠨ ᠤ᠋ ᠠᠷᠤ ᠠᠢᠯ ᠭᠠᠴᠠᠭ᠎ᠠ ᠪᠡᠷ ᠨᠤᠲᠤᠭᠲᠠᠢ ᠃ ᠶᠡᠬᠡ ᠰᠤᠷᠭᠠᠭᠤᠯᠢ ᠲᠡᠭᠦᠰᠦᠭᠰᠡᠨ ᠦᠨᠡᠮᠯᠡᠯ ᠲᠡᠢ ᠂ ᠳᠤᠮᠳᠠᠳᠤ ᠰᠤᠷᠭᠠᠭᠤᠯᠢ ᠵᠢᠨ ᠳᠡᠭᠡᠳᠦ ᠲᠡᠰ ᠦᠨ ᠪᠠᠭᠰᠢ ᠵᠢᠨ ᠬᠢᠷᠢ ᠬᠡᠮ ᠲᠡᠢ ᠃ ᠣᠳᠣ ᠲᠦᠩᠯᠢᠶᠣᠤ ᠬᠤᠳᠠ ᠵᠢᠨ ᠨᠠᠢ᠍ᠮᠠᠨ ᠬᠣᠰᠢᠭᠤᠨ ᠤ᠋ ᠾᠢ ᠠᠨ ᠪᠠᠯᠭᠠᠰᠤᠨ ᠤ᠋ ᠮᠣᠩᠭᠤᠯ ᠬᠡᠦᠬᠡᠳ ᠦ᠋ᠨ ᠴᠡᠴᠡᠷᠯᠢᠭ ᠲᠦ᠍ ᠠᠵᠢᠯᠯᠠᠵᠤ ᠪᠠᠢᠨ᠎ᠠ ᠃ ᠨᠠᠢ᠍ᠮᠠᠨ ᠬᠣᠰᠢᠭᠤᠨ ᠤ᠋ ᠵᠣᠬᠢᠶᠠᠯᠴᠢᠳ ᠤ᠋ᠨ ᠡᠪᠯᠡᠯ ᠦᠨ ᠭᠡᠰᠢᠭᠦᠨ ᠂ ᠲᠦᠩᠯᠢᠶᠣᠤ ᠬᠤᠳᠠ ᠵᠢᠨ ᠵᠣᠬᠢᠶᠠᠯᠴᠢᠳ ᠤ᠋ᠨ ᠡᠪᠯᠡᠯ ᠦᠨ ᠭᠡᠰᠢᠭᠦᠨ ᠵᠡᠷᠭᠡ ᠨᠡᠢᠭᠡᠮ ᠦ᠋ᠨ ᠡᠭᠦᠷᠭᠡ ᠲᠤᠰᠢᠶᠠᠯ ᠲᠡᠢ ᠃ 1989 ᠣᠨ ᠳ᠋ᠤ᠌ ᠪᠠᠭᠰᠢ ᠵᠢᠨ ᠠᠵᠢᠯ ᠳ᠋ᠤ᠌ ᠭᠠᠷᠤᠭᠰᠠᠨ ᠠ᠋ᠴᠠ ᠨᠠᠰᠢ ᠪᠠᠭᠰᠢ ᠵᠢᠨ ᠠᠵᠢᠯ ᠳ᠋ᠤ᠌ ᠪᠡᠨ ᠴᠡᠷᠠᠭᠤᠨ ᠬᠠᠢᠷᠠᠲᠠᠢ ᠂ ᠮᠣᠩᠭᠤᠯ ᠰᠣᠶᠤᠯ ᠳᠠᠭᠠᠨ ᠴᠡᠷᠠᠭᠤᠨ ᠬᠠᠢᠷᠠᠲᠠᠢ ᠪᠠᠢᠳᠠᠭ ᠤ᠋ᠨ ᠡᠷᠬᠡ ᠪᠡᠷ ᠴᠢᠷᠮᠠᠢᠨ ᠠᠵᠢᠯᠯᠠᠵᠤ ᠂ ︽ ᠰᠤᠷᠤᠭᠰᠠᠨ ᠭᠦᠨ ᠪᠣᠯᠪᠠᠰᠤ ᠪᠠᠭᠰᠢ ᠂ ᠰᠤᠷᠲᠠᠯ ᠲᠥᠪ ᠪᠣᠯᠪᠠᠰᠤ ᠳᠠᠭᠤᠷᠢᠶᠠᠯ ︾ ᠭᠡᠭᠴᠢ ᠪᠡᠷ ᠬᠡᠪ ᠪᠣᠯᠭᠠᠨ ᠠᠯᠢᠪᠠ ᠬᠡᠦᠬᠡᠳ ᠦ᠋ᠨ ᠲᠥᠯᠦᠭᠡ ᠂ ᠬᠡᠦᠬᠡᠳ ᠦ᠋ᠨ ᠠᠯᠢᠪᠠ ᠵᠢᠨ ᠲᠥᠯᠦᠭᠡ ᠂ ᠠᠯᠢᠪᠠ ᠪᠦᠬᠦᠨ ᠬᠡᠦᠬᠡᠳ ᠦ᠋ᠨ ᠲᠥᠯᠦᠭᠡ ᠬᠡᠮᠡᠨ ᠵᠢᠳᠭᠦᠵᠦ ᠂ ᠪᠠᠭ᠎ᠠ ᠪᠤᠰᠤ ᠵᠢᠨ ᠨᠡᠷ᠎ᠡ ᠠᠯᠳᠠᠷ ᠬᠦᠷᠲᠡᠵᠦ ᠂ ᠨᠡᠢᠭᠡᠮ ᠨᠡᠢᠲᠡ ᠳ᠋ᠡᠭᠡᠨ ᠮᠡᠳᠡᠷᠡᠭᠳᠡᠨ ᠠᠵᠢᠯ ᠳᠠᠭᠠᠨ ᠤᠪᠤᠭ᠎ᠠ ᠳᠣᠪᠤᠭᠠ ᠠᠮᠵᠢᠯᠲᠠ ᠵᠢ ᠣᠯᠣᠭᠰᠠᠨ ᠃ ᠲᠤᠬᠠᠢᠯᠠᠪᠠᠯ ᠄ 1997 ᠂ 10 ᠂ 30 ᠳ᠋ᠤ ︽ ᠤᠷᠭᠤᠮᠠᠯ ᠤ᠋ᠨ ᠰᠤᠳᠤᠯᠤᠯ ᠢ᠋ᠶ᠋ᠠᠷ ᠰᠤᠷᠤᠭᠴᠢᠳ ᠲᠤ ᠡᠭᠡ ᠣᠷᠤᠨᠴᠢ ᠦᠵᠡᠯ ᠦᠨ ᠬᠥᠮᠦᠵᠢᠯ ᠬᠢᠬᠦ ︾ ᠭᠡᠬᠦ ᠥᠭᠦᠯᠡᠯ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠰᠤᠷᠭᠠᠨ ᠬᠥᠮᠦᠵᠢᠯ ᠦ᠋ᠨ ᠨᠡᠢᠭᠡᠮᠯᠢᠭ ᠦ᠋ᠨ 1997 ᠣᠨ ᠤ᠋ ᠡᠭᠡᠯᠵᠢᠲᠦ ᠬᠤᠷᠠᠯ ᠳ᠋ᠤ᠌ ᠰᠢᠯᠢᠳᠡᠭ ᠦᠷ᠎ᠡ ᠪᠦᠲᠦᠭᠡᠯ ᠦ᠋ᠨ ᠱᠠᠩᠨᠠᠯ ᠢ ᠲᠤᠰᠪᠠ ᠃ 1998 ᠂ 10 ᠰᠠᠷ᠎ᠠ ᠳ᠋ᠤ᠌ ︽ ᠣᠳᠣ ᠦᠶ᠎ᠡ ᠵᠢᠨ ᠰᠤᠷᠭᠠᠨ ᠬᠥᠮᠦᠵᠢᠯ ᠦ᠋ᠨ ᠰᠣᠳᠤᠨ ᠥᠭᠦᠯᠡᠯ ᠦ᠋ᠨ ᠰᠢᠯᠢᠮᠡᠯ ︾ ︵ ᠳᠡᠭᠡᠳᠦ ᠂ ᠳᠤᠮᠳᠠᠳᠤ ᠂ ᠳᠣᠣᠷᠠᠳᠤ ︶ ᠭᠡᠬᠦ ᠨᠣᠮ ᠢ ᠵᠣᠬᠢᠶᠠᠨ ᠨᠠᠢᠷᠠᠭᠤᠯᠪᠠ ︵ ᠪᠤᠰᠤᠳ ᠲᠡᠢ ᠬᠠᠮᠲᠤᠷᠠᠪᠠ ︶ ᠳᠡᠳ᠋ ᠨᠠᠢᠷᠠᠭᠤᠯᠤᠭᠴᠢ ᠪᠡᠷ ᠤᠷᠢᠭᠳᠠᠨ ᠠᠵᠢᠯᠯᠠᠪᠠ ᠃ 2000 ᠂ 3 ᠂ 10 ︽ ᠰᠠᠭᠤᠷᠢ ᠵᠢ ᠰᠠᠢᠲᠤᠷ ᠲᠠᠯᠪᠢᠵᠤ ᠂ ᠬᠡᠪ ᠴᠢᠨᠠᠷ ᠢ ᠥᠨᠳᠦᠷᠵᠢᠭᠦᠯᠦᠶᠡ ︾ ᠭᠡᠬᠦ ᠥᠭᠦᠯᠡᠯ 2000 ᠣᠨ ᠤ᠋ ᠪᠦᠬᠦ ᠤᠯᠤᠰ ᠤ᠋ᠨ ᠠᠩᠬᠠᠳᠤᠭᠠᠷ ᠤᠳᠠᠭᠠᠨ ᠤ᠋ ᠴᠥᠭᠡᠨ ᠲᠣᠭᠠᠲᠤ ᠦᠨᠳᠦᠰᠦᠲᠡᠨ ᠦ᠌ ᠭᠠᠵᠠᠷ ᠣᠷᠤᠨ ᠤ᠋ ᠰᠤᠷᠭᠠᠨ ᠬᠥᠮᠦᠵᠢᠯ ᠵᠢᠭᠠᠨ ᠰᠤᠷᠭᠠᠯᠲᠠ ᠵᠢᠨ ᠰᠢᠯᠢᠳᠡᠭ ᠥᠭᠦᠯᠡᠯ ᠵᠢᠴᠢ ᠡᠷᠳᠡᠮ ᠰᠢᠨᠵᠢᠯᠡᠭᠡᠨ ᠦ ᠪᠦᠲᠦᠭᠡᠯ ᠦ᠋ᠨ ᠰᠢᠯᠭᠠᠷᠠᠭᠤᠯᠤᠯᠲᠠ ᠳ᠋ᠤ᠌ ᠨᠢᠭᠡᠳᠦᠭᠡᠷ ᠲᠡᠰ ᠦᠨ ᠱᠠᠩᠨᠠᠯ ᠬᠦᠷᠲᠡᠪᠡ ᠃ 2001 ᠂ 12 ᠂ 18 ︽ ᠬᠡᠷ ᠪᠦᠯᠢ ᠵᠢᠨ ᠰᠤᠷᠭᠠᠨ ᠬᠥᠮᠦᠵᠢᠯ ᠦ᠋ᠨ ᠲᠤᠬᠠᠢ ᠥᠭᠦᠯᠡᠬᠦ ᠨᠢ ︾ ᠭᠡᠬᠦ ᠥᠭᠦᠯᠡᠯ ᠪᠦᠬᠦ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠦ᠌ ᠰᠤᠷᠭᠠᠨ ᠬᠥᠮᠦᠵᠢᠯ ᠵᠢᠭᠠᠨ ᠰᠤᠷᠭᠠᠯᠲᠠ ᠵᠢᠨ ᠨᠡᠢᠭᠡᠮᠯᠢᠭ ᠦ᠋ᠨ 2001 ᠣᠨ ᠤ᠋ ᠡᠭᠡᠯᠵᠢᠲᠦ ᠬᠤᠷᠠᠯ ᠳ᠋ᠤ᠌ ᠨᠢᠭᠡᠳᠦᠭᠡᠷ ᠲᠡᠰ ᠦᠨ ᠱᠠᠩᠨᠠᠯ ᠲᠤᠰᠪᠠ ᠃ 2001 ᠂ 7 ᠰᠠᠷ᠎ᠠ ᠳ᠋ᠤ᠌ ᠪᠦᠬᠦ ᠣᠷᠤᠨ ᠤ᠋ ᠠᠮᠢᠳᠤ ᠪᠣᠳᠠᠰ ᠤ᠋ᠨ ᠮᠡᠳᠡᠯᠭᠡ ᠵᠢᠨ ᠤᠷᠤᠯᠳᠤᠭᠠᠨ ᠳ᠋ᠤ᠌ ᠬᠠᠪᠰᠤᠷᠤᠨ ᠵᠢᠯᠤᠭᠤᠳᠤᠭᠴᠢ ᠵᠢᠨ ᠱᠠᠩᠨᠠᠯ ᠢ ᠲᠤᠰᠴᠤ ᠠᠪᠤᠪᠠ ᠃ 2005 ᠂ 6 ᠂ 20 ᠲᠦᠩᠯᠢᠶᠣᠤ ᠬᠤᠳᠠ ᠵᠢᠨ ᠪᠠᠭ᠎ᠠ ᠰᠤᠷᠭᠠᠭᠤᠯᠢ ᠵᠢᠨ ᠮᠣᠩᠭᠤᠯ ᠬᠡᠯᠡᠨ ᠪᠢᠴᠢᠭ ᠦᠨ ᠦᠵᠡᠭᠦᠯᠦᠯᠭᠡ ᠵᠢᠨ ᠬᠢᠴᠢᠶᠡᠯ ᠦᠨ ᠤᠷᠤᠯᠳᠤᠭᠠᠨ ᠳ᠋ᠤ᠌ ᠬᠤᠳᠠ ᠵᠢᠨ ᠲᠡᠰ ᠦᠨ ᠰᠢᠯᠢᠳᠡᠭ ᠵᠢᠭᠠᠨ ᠰᠤᠷᠭᠠᠭᠴᠢ ᠵᠢᠨ ᠱᠠᠩᠨᠠᠯ ᠢ ᠲᠤᠰᠪᠠ ᠃ 2005 ᠂ 10 ᠂ 20 ᠪᠦᠬᠦ ᠬᠤᠳᠠ ᠵᠢᠨ ᠳᠤᠮᠳᠠᠳᠤ ᠪᠠᠭ᠎ᠠ ᠰᠤᠷᠭᠠᠭᠤᠯᠢ ᠵᠢᠨ ᠠᠮᠢᠳᠤ ᠪᠣᠳᠠᠰ ᠤ᠋ᠨ ᠪᠠᠭᠰᠢ ᠨᠡᠷ ᠦᠨ ᠵᠢᠭᠠᠨ ᠰᠤᠷᠭᠠᠯᠲᠠ ᠵᠢᠨ ᠠᠳᠠᠯᠢᠳᠭᠠᠯᠲᠠ ᠳᠤᠮᠳᠠ ᠳᠤᠮᠳᠠᠳᠤ ᠰᠤᠷᠭᠠᠭᠤᠯᠢ ᠵᠢᠨ ᠳᠤᠭᠤᠢᠯᠠᠩ ᠤ᠋ᠨ ᠬᠤᠳᠠ ᠵᠢᠨ ᠲᠡᠰ ᠦᠨ ᠴᠢᠳᠠᠮᠠᠭᠠᠢ ᠵᠢᠭᠠᠨ ᠰᠤᠷᠭᠠᠭᠴᠢ ᠵᠢᠨ ᠱᠠᠩᠨᠠᠯ ᠢ ᠲᠤᠰᠪᠠ ᠃ 2006 ᠂ 12 ᠂ 10 ︽ ᠪᠠᠭ᠎ᠠ ᠰᠤᠷᠭᠠᠭᠤᠯᠢ ᠵᠢᠨ ᠵᠢᠭᠠᠨ ᠰᠤᠷᠭᠠᠯᠲᠠ ᠳᠡᠬᠢ ᠬᠡᠪ ᠴᠢᠨᠠᠷ ᠤ᠋ᠨ ᠰᠤᠷᠭᠠᠨ ᠬᠥᠮᠦᠵᠢᠯ ᠦ᠋ᠨ ᠴᠢᠬᠤᠯᠠ ᠴᠢᠨᠠᠷ ︾ ᠭᠡᠬᠦ ᠥᠭᠦᠯᠡᠯ ᠪᠦᠬᠦ ᠤᠯᠤᠰ ᠤ᠋ᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠥᠭᠦᠯᠡᠯ ᠦ᠋ᠨ ᠰᠢᠯᠭᠠᠷᠠᠭᠤᠯᠤᠯᠲᠠ ᠳ᠋ᠤ᠌ ᠰᠢᠯᠢᠳᠡᠭ ᠲᠡᠰ ᠦᠨ ᠱᠠᠩᠨᠠᠯ ᠲᠤᠰᠪᠠ ᠃ 2009 ᠣᠨ ᠳ᠋ᠤ᠌ ᠥᠪᠡᠷᠲᠡᠭᠡᠨ ᠵᠠᠰᠠᠬᠤ ᠣᠷᠤᠨ ᠤ᠋ ᠪᠠᠭ᠎ᠠ ᠰᠤᠷᠭᠠᠭᠤᠯᠢ ᠵᠢᠨ ᠮᠣᠩᠭᠤᠯ ᠬᠡᠯᠡ ᠪᠢᠴᠢᠭ ᠦᠨ ᠨᠢᠭᠡᠳᠦᠭᠡᠷ ᠬᠤᠭᠤᠴᠠᠭᠠᠨ ᠤ᠋ ᠲᠤᠷᠰᠢᠯᠲᠠ ᠵᠢᠨ ᠵᠢᠭᠠᠨ ᠰᠤᠷᠭᠠᠯᠲᠠ ᠵᠢᠨ ᠤᠷᠤᠯᠳᠤᠭᠠᠨ ᠤ᠋ ᠨᠢᠭᠡᠳᠦᠭᠡᠷ ᠲᠡᠰ ᠲᠦ᠍ ᠲᠣᠳᠤᠷᠠᠪᠠ ᠃ 2009 ᠂ 6 ᠂ 24 2015 ᠂ 4 ᠰᠠᠷ᠎ᠠ ᠳ᠋ᠤ᠌ ᠰᠤᠷᠭᠠᠨ ᠬᠥᠮᠦᠵᠢᠯ ᠦ᠋ᠨ ᠶᠠᠮᠤᠨ ᠤ᠋ ᠬᠥᠳᠡᠭᠡ ᠲᠣᠰᠭᠤᠨ ᠮᠠᠯᠵᠢᠬᠤ ᠣᠷᠤᠨ ᠤ᠋ ᠪᠠᠭᠰᠢ ᠨᠡᠷ ᠦᠨ ᠠᠯᠤᠰ ᠡᠵᠡᠮᠰᠢᠯᠲᠦ ᠪᠣᠯᠪᠠᠰᠤᠷᠠᠯ ᠳ᠋ᠤ᠌ ᠣᠷᠤᠯᠴᠠᠭᠠᠳ ᠰᠢᠯᠢᠳᠡᠭ ᠰᠤᠷᠤᠯᠭᠠᠲᠠᠨ ᠤ᠋ ᠱᠠᠩᠨᠠᠯ ᠢ ᠬᠦᠷᠲᠡᠪᠡ ᠃ 2015 ᠂ 12 ᠰᠠᠷ᠎ᠠ ᠳ᠋ᠤ᠌ ᠬᠤᠳᠠ ᠵᠢᠨ ᠲᠡᠰ ᠦᠨ ᠰᠢᠯᠢᠳᠡᠭ ᠵᠢᠭᠠᠨ ᠵᠢᠯᠤᠭᠤᠳᠤᠭᠴᠢ ᠵᠢᠨ ᠱᠠᠩᠨᠠᠯ ᠢ ᠬᠦᠷᠲᠡᠪᠡ ᠃ 2018 ᠂ 3 ᠂ 16 ︽ ᠨᠠᠬᠢᠶ᠎ᠠ ︾ ᠬᠤᠨᠳᠠᠭᠠᠲᠤ ᠪᠦᠬᠦ ᠣᠷᠤᠨ ᠤ᠋ ᠳᠤᠮᠳᠠᠳᠤ ᠪᠠᠭ᠎ᠠ ᠰᠤᠷᠭᠠᠭᠤᠯᠢ ᠵᠢᠨ ᠰᠤᠷᠤᠭᠴᠢᠳ ᠤ᠋ᠨ ᠵᠣᠬᠢᠶᠠᠨ ᠪᠢᠴᠢᠯᠭᠡ ᠵᠢᠨ ᠤᠷᠤᠯᠳᠤᠭᠠᠨ ᠳ᠋ᠤ᠌ ᠰᠢᠯᠢᠳᠡᠭ ᠵᠢᠭᠠᠨ ᠵᠢᠯᠤᠭᠤᠳᠤᠭᠴᠢ ᠵᠢᠨ ᠱᠠᠩᠨᠠᠯ ᠬᠦᠷᠲᠡᠪᠡ ᠃ 2018 ᠂ 10 ᠂ 5 ︽ ᠤᠷᠢ ᠵᠠᠯᠠᠭᠤ ᠵᠢᠨ ᠬᠤᠭᠤᠴᠠᠭᠠᠨ ᠤ᠋ ᠰᠡᠳᠭᠢᠴᠡ ᠵᠢᠨ ᠡᠷᠡᠭᠦᠯ ᠰᠠᠷᠠᠭᠤᠯ ᠢ ᠴᠢᠬᠤᠯᠠᠴᠢᠯᠠᠬᠤ ᠬᠡᠷᠡᠭᠲᠡᠢ ︾ ᠭᠡᠬᠦ ᠥᠭᠦᠯᠡᠯ ︽ ᠠᠯᠳᠠᠨ ᠦᠨᠳᠦᠰᠦ ︾ ᠰᠡᠳᠭᠦᠯ ᠦ᠋ᠨ ᠡᠭᠡ ᠪᠢᠴᠢᠭ ᠦᠨ ᠰᠢᠯᠭᠠᠷᠠᠭᠤᠯᠤᠯᠲᠠ ᠳ᠋ᠤ᠌ ᠨᠢᠭᠡᠳᠦᠭᠡᠷ ᠲᠡᠰ ᠦᠨ ᠰᠢᠯᠢᠳᠡᠭ ᠥᠭᠦᠯᠡᠯ ᠢ᠋ᠶ᠋ᠡᠷ ᠲᠣᠳᠤᠷᠠᠪᠠ ᠃ ︽ ᠡᠴᠢᠭᠡ ᠡᠭᠡ ᠪᠣᠯᠤᠭᠰᠠᠳ ᠤ᠋ᠨ ᠠᠩᠬᠠᠷᠤᠯ ᠳᠠᠭᠠᠨ ᠠᠪᠤᠭᠤᠰᠢᠲᠠᠢ ᠵᠦᠢᠯᠡᠰ ︾ ︽ ᠰᠢᠨ᠎ᠡ ᠴᠠᠭ ᠡᠷᠡᠨ ᠳᠡᠬᠢ ᠳᠤᠮᠳᠠᠳᠤ ᠪᠠᠭ᠎ᠠ ᠰᠤᠷᠭᠠᠭᠤᠯᠢ ᠵᠢᠨ ᠵᠠᠬᠢᠷᠤᠯ ᠨᠡᠷ ᠲᠦ᠍ ᠲᠤᠯᠭᠠᠮ᠎ᠠ ᠱᠠᠭᠠᠷᠳᠠᠭᠳᠠᠬᠤ ᠬᠡᠳᠦᠨ ᠠᠰᠠᠭᠤᠳᠠᠯ ︾ ︽ ᠤᠷᠢ ᠵᠠᠯᠠᠭᠤ ᠵᠢᠨ ᠬᠤᠭᠤᠴᠠᠭᠠᠨ ᠤ᠋ ᠰᠡᠳᠭᠢᠴᠡ ᠵᠢᠨ ᠡᠷᠡᠭᠦᠯ ᠰᠠᠷᠠᠭᠤᠯ ᠢ ᠴᠢᠬᠤᠯᠠᠴᠢᠯᠠᠶ᠎ᠠ ︾ ︽ ᠴᠢᠳᠠᠪᠤᠷᠢ ᠵᠢ ᠬᠥᠮᠦᠵᠢᠭᠦᠯᠬᠦ ᠠᠷᠭ᠎ᠠ ᠵᠠᠮ ︾ ︽ ᠠᠮᠢᠳᠤ ᠪᠣᠳᠠᠰ ᠤ᠋ᠨ ᠬᠢᠴᠢᠶᠡᠯ ᠢ ᠰᠡᠩᠬᠡᠷᠡᠭᠦᠯᠬᠦ ᠠᠷᠭ᠎ᠠ ᠪᠡᠷ ᠵᠢᠭᠠᠬᠤ ᠲᠤᠬᠠᠢ ᠥᠭᠦᠯᠡᠬᠦ ᠨᠢ ︾ ︽ ᠴᠡᠭᠡᠵᠢᠯᠡᠬᠦ ᠴᠢᠳᠠᠪᠤᠷᠢ ᠵᠢ ᠬᠥᠭᠵᠢᠭᠦᠯᠬᠦ ᠰᠢᠯᠢᠳᠡᠭ ᠠᠷᠭ᠎ᠠ ︾ ︽ ᠬᠡᠦᠬᠡᠳ ᠦ᠋ᠨ ᠥᠭᠡᠯᠡᠢ ᠦᠶ᠎ᠡ ᠵᠢᠨ ᠡᠷᠡᠭᠦᠯ ᠬᠠᠮᠠᠭᠠᠯᠠᠯ ᠢ ᠴᠢᠩᠭᠠᠳᠭᠠᠬᠤ ᠲᠤᠬᠠᠢ ︾ ︽ ᠬᠢᠴᠢᠶᠡᠯᠯᠡᠭᠡ ᠵᠢ ᠰᠠᠢᠨ ᠠᠳᠭᠤᠬᠤ ᠳ᠋ᠤ᠌ ᠠᠩᠬᠠᠷᠤᠭᠤᠰᠢᠲᠠᠢ ᠬᠣᠶᠠᠷ ᠠᠰᠠᠭᠤᠳᠠᠯ ︾ ︽ ᠮᠣᠩᠭᠤᠯ ᠰᠤᠷᠭᠠᠭᠤᠯᠢ ᠵᠢᠨ ᠣᠷᠤᠰᠢᠯ ᠲᠣᠭᠲᠠᠨᠢᠯ ᠤ᠋ᠨ ᠲᠤᠬᠠᠢ ︾ ︽ ᠰᠤᠷᠤᠭᠴᠢ ᠵᠢᠨ ᠳᠠᠷᠤᠭᠠᠰᠤ ᠵᠢ ᠬᠥᠩᠭᠡᠷᠡᠭᠦᠯᠬᠦ ᠵᠢ ᠴᠢᠬᠤᠯᠠᠴᠢᠯᠠᠬᠤ ᠬᠡᠷᠡᠭᠲᠡᠢ ︾ ︽ ᠮᠣᠩᠭᠤᠯ ᠬᠡᠯᠡ ᠪᠢᠴᠢᠭ ᠦᠨ ᠬᠢᠴᠢᠶᠡᠯ ᠢ ᠰᠠᠢᠨ ᠰᠤᠷᠬᠤ ᠬᠡᠷᠡᠭᠲᠡᠢ ︾ ︽ ᠰᠤᠷᠤᠭᠴᠢᠳ ᠤ᠋ᠨ ᠶᠣᠰᠤ ᠰᠤᠷᠲᠠᠬᠤᠨ ᠤ᠋ ᠬᠥᠮᠦᠵᠢᠯ ᠢ ᠴᠢᠩᠭᠠᠳᠭᠠᠬᠤ ᠲᠤᠬᠠᠢ ︾ ︽ ᠣᠳᠣ ᠵᠢᠨ ᠬᠡᠦᠬᠡᠳ ᠲᠦ᠍ ᠳᠤᠲᠠᠭᠳᠠᠵᠤ ᠪᠠᠢᠭ᠎ᠠ ᠵᠦᠢᠯᠡᠰ ︾ ᠵᠡᠷᠭᠡ ᠳᠥᠴᠢᠭᠡᠳ ᠥᠭᠦᠯᠡᠯ ᠢ᠋ᠶ᠋ᠡᠨ ︽ ᠥᠪᠦᠷ ᠮᠣᠩᠭᠤᠯ ᠤ᠋ᠨ ᠰᠤᠷᠭᠠᠨ ᠬᠥᠮᠦᠵᠢᠯ ︾ ︽ ᠲᠣᠷᠭᠠᠨ ᠵᠢᠯᠤᠭᠤ ︾ ︽ ᠠᠯᠳᠠᠨ ᠦᠨᠳᠦᠰᠦ ︾ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ︽ ᠲᠦᠩᠯᠢᠶᠣᠤ ᠵᠢᠨ ᠡᠳᠦᠷ ᠦ᠋ᠨ ᠰᠣᠨᠢᠨ ︾ ︽ ᠰᠢᠨᠵᠢᠯᠡᠬᠦ ᠤᠬᠠᠭᠠᠨ ︾ ︽ ᠤᠯᠠᠭᠠᠨᠬᠠᠳᠠ ᠵᠢᠨ ᠡᠳᠦᠷ ᠦ᠋ᠨ ᠰᠣᠨᠢᠨ ︾ ︽ ᠬᠢᠩᠭᠠᠨ ᠤ᠋ ᠡᠳᠦᠷ ᠦ᠋ᠨ ᠰᠣᠨᠢᠨ ︾ ᠵᠡᠷᠭᠡ ᠰᠣᠨᠢᠨ ᠰᠡᠳᠭᠦᠯ ᠦ᠋ᠳ ᠲᠦ᠍ ᠨᠡᠢᠲᠡᠯᠡᠭᠦᠯᠵᠦ ᠣᠯᠠᠨ ᠤ᠋ ᠠᠩᠬᠠᠷᠤᠯ ᠢ ᠲᠠᠲᠠᠵᠤ ᠂ ᠨᠡᠢᠭᠡᠮ ᠨᠠᠢᠳᠠ ᠳ᠋ᠤ᠌ ᠪᠡᠨ ᠲᠤᠰᠭᠠᠯ ᠦᠵᠡᠭᠦᠯᠪᠡ ᠃ ᠰᠤᠷᠤᠭᠴᠢᠳ ᠤ᠋ᠨ ᠵᠣᠬᠢᠶᠠᠯ ᠢ ᠰᠠᠢᠲᠤᠷ ᠬᠢᠨᠠᠨ ᠵᠢᠯᠤᠭᠤᠳᠴᠤ ︽ ᠥᠪᠦᠷ ᠮᠣᠩᠭᠤᠯ ᠤ᠋ᠨ ᠪᠠᠭᠠᠴᠤᠳ ᠤ᠋ᠨ ᠰᠣᠨᠢᠨ ︾ ︽ ᠠᠯᠳᠠᠨ ᠦᠨᠳᠦᠰᠦ ︾ ︽ ᠨᠠᠬᠢᠶ᠎ᠠ ︾ ︽ ᠴᠣᠮᠣᠷᠯᠢᠭ ︾ ᠵᠡᠷᠭᠡ ᠰᠡᠳᠭᠦᠯ ᠦ᠋ᠳ ᠲᠦ᠍ ᠨᠡᠢᠲᠡᠯᠡᠭᠦᠯᠦᠨ ᠤᠷᠤᠯᠳᠤᠭᠠᠨ ᠮᠥᠷᠦᠢᠴᠡᠭᠡᠨ ᠳ᠋ᠦ᠍ ᠢᠳᠡᠪᠬᠢᠲᠡᠢ ᠣᠷᠤᠯᠴᠠᠵᠤ ᠤᠯᠠᠨ ᠤᠳᠠᠭ᠎ᠠ ᠰᠢᠯᠢᠳᠡᠭ ᠬᠠᠪᠰᠤᠷᠤᠨ ᠵᠢᠯᠤᠭᠤᠳᠤᠭᠴᠢ ᠂ ᠰᠢᠯᠢᠳᠡᠭ ᠵᠢᠭᠠᠨ ᠵᠢᠯᠤᠭᠤᠳᠤᠭᠴᠢ ᠵᠢᠨ ᠱᠠᠩᠨᠠᠯ ᠢ ᠲᠤᠰᠴᠤ ᠪᠠᠭᠰᠢ ᠨᠡᠷ ᠲᠡᠭᠡᠨ ᠳᠠᠭᠤᠷᠢᠶᠠᠯ ᠪᠣᠯᠪᠠ ᠃ ᠪᠠᠭᠰᠢ ᠬᠥᠮᠦᠨ ᠮᠡᠳᠡᠯᠭᠡ ᠴᠢᠳᠠᠪᠤᠷᠢ ᠤᠯᠠᠮᠵᠢᠯᠠᠬᠤ ᠪᠡᠷ ᠪᠠᠷᠠᠬᠤ ᠦᠭᠡᠢ ᠂ ᠦᠪᠡᠰᠤᠬᠢ ᠪᠡᠨ ᠲᠠᠰᠤᠷᠠᠯᠲᠠ ᠦᠭᠡᠢ ᠲᠡᠭᠦᠯᠳᠡᠷᠵᠢᠭᠦᠯᠦᠨ ᠵᠣᠬᠢᠶᠠᠭᠴᠢ ᠂ ᠰᠤᠳᠤᠯᠤᠭᠴᠢ ᠂ ᠵᠢᠯᠤᠭᠤᠳᠤᠭᠴᠢ ᠪᠠᠢᠬᠤ ᠶᠣᠰᠣᠲᠠᠢ ᠃ ᠤᠷᠠᠨ ᠵᠣᠬᠢᠶᠠᠯ ᠳ᠋ᠤ᠌ ᠪᠠᠬᠠᠲᠠᠢ ᠂ ᠢᠷᠠᠭᠤ ᠨᠠᠢᠷᠠᠭ ᠲᠤ᠌ ᠪᠠᠬᠠᠲᠠᠢ ᠂ ᠮᠣᠩᠭᠤᠯ ᠰᠣᠶᠤᠯ ᠳᠠᠭᠠᠨ ᠬᠠᠢᠷᠠᠲᠠᠢ ᠪᠠᠢᠳᠠᠭ ᠤ᠋ᠨ ᠡᠷᠬᠡ ᠪᠡᠷ ᠂ ᠠᠵᠢᠯ ᠤ᠋ᠨ ᠴᠢᠯᠥᠭᠡ ᠪᠡᠷ ᠢ᠋ᠶ᠋ᠡᠨ ᠤᠨᠲᠠᠵᠤ ᠬᠡᠪᠲᠡᠬᠦ ᠪᠡᠨ ᠤᠮᠠᠷᠲᠠᠨ ︽ ᠮᠣᠩᠭᠤᠯ ᠰᠠᠢᠬᠠᠨ ︾ ︽ ᠪᠣᠳᠤᠯ ᠤ᠋ᠨ ᠠᠯᠳᠠᠨ ᠬᠡᠯᠬᠢᠶ᠎ᠡ ︾ ︽ ᠲᠣᠭᠤᠰᠤᠨ ᠦᠭᠡᠢ ᠰᠡᠳᠭᠢᠯ ᠲᠠᠭᠤᠨ ᠦᠭᠡᠢ ᠵᠢᠳᠭᠦᠯ ︾ ︽ ᠨᠠᠮ ᠤ᠋ᠨ ᠲᠤᠭ ᠤ᠋ᠨ ᠳᠣᠣᠷ᠎ᠠ ᠨᠠᠰᠤ ᠪᠡᠷ ᠢ᠋ᠶ᠋ᠡᠨ ᠵᠢᠳᠭᠦᠭᠴᠢ ︾ ︽ ᠮᠣᠩᠭᠤᠯ ᠰᠤᠷᠭᠠᠭᠤᠯᠢ ᠪᠡᠨ ᠬᠠᠰᠤᠬᠤ ᠵᠠᠶᠠᠭ᠎ᠠ ᠠ᠋ᠴᠠ ᠬᠡᠯᠲᠦᠷᠢᠭᠦᠯᠦᠭᠰᠡᠨ ᠵᠠᠬᠢᠷᠤᠯ ︾ ︽ ᠮᠢᠨᠤ ᠰᠠᠢᠬᠠᠨ ᠨᠠᠢ᠍ᠮᠠᠨ ︾ ︽ ᠵᠢᠷᠢᠮ ᠦᠨ ᠤᠷᠠᠨ ᠵᠣᠬᠢᠶᠠᠯ ᠮᠢᠨᠢ ︾ ︽ ᠦᠨᠳᠦᠰᠦ ᠪᠣᠯᠤᠭ᠎ᠠ ᠳᠡᠭᠦᠦᠨᠡᠷ ᠮᠢᠨᠢ ︾ ︽ ᠤᠷᠢ ᠵᠠᠯᠠᠭᠤ ᠵᠢᠨ ᠣᠳᠤᠨ ᠂ ᠤᠷᠠᠨ ᠪᠦᠲᠦᠭᠡᠯ ᠦ᠋ᠨ ᠰᠣᠳᠤᠨ ︾ ︽ ᠴᠠᠭ ᠰᠠᠢᠬᠠᠨ ᠂ ᠠᠮᠢᠳᠤᠷᠠᠯ ᠰᠠᠢᠬᠠᠨ ︾ ︽ ᠠᠮᠢᠳᠤᠷᠠᠯ ᠠ᠋ᠴᠠ ᠲᠡᠭᠦᠭᠰᠡᠨ ᠪᠠᠳᠠᠭ ︾ ︽ ᠡᠪᠦᠯ ᠦ᠋ᠨ ᠮᠣᠳᠤᠳ ︾ ︽ ᠠᠩᠬᠠᠨ ᠤ᠋ ᠴᠠᠰᠤ ︾ ︽ ᠳᠥᠷᠪᠡᠨ ᠰᠠᠷ᠎ᠠ ᠵᠢᠨ ᠰᠠᠯᠬᠢ ︾ ︽ ᠮᠣᠩᠭᠤᠯ ᠰᠣᠶᠤᠯ ᠤ᠋ᠨ ᠭᠣᠯᠤᠮᠲᠠ ︾ ︽ ᠵᠢᠷᠭᠠᠯ ᠤ᠋ᠨ ᠥᠯᠦᠭᠡᠢ ︱ ᠾᠢ ᠠᠨ ᠮᠣᠩᠭᠤᠯ ᠬᠡᠦᠬᠡᠳ ᠦ᠋ᠨ ᠴᠡᠴᠡᠷᠯᠢᠭ ︾ ᠵᠡᠷᠭᠡ ᠳᠥᠴᠢᠭᠡᠳ ᠬᠤᠪᠢ ᠰᠢᠯᠦᠭ ᠂ ᠨᠠᠢᠷᠠᠭᠤᠯᠤᠯ ᠂ ᠮᠡᠳᠡᠭᠡᠯᠡᠯ ᠦᠨ ᠤᠷᠠᠨ ᠵᠣᠬᠢᠶᠠᠯ ᠂ ᠥᠭᠦᠯᠡᠯᠭᠡ ᠢ᠋ᠶ᠋ᠡᠨ ︽ ᠵᠢᠷᠢᠮ ᠦᠨ ᠤᠷᠠᠨ ᠵᠣᠬᠢᠶᠠᠯ ︾ ︽ ᠰᠢᠷ᠎ᠠ ᠮᠥᠷᠡᠨ ︾ ︽ ᠥᠪᠦᠷ ᠮᠣᠩᠭᠤᠯ ᠤ᠋ᠨ ᠡᠮᠡᠭᠲᠡᠢᠴᠦᠳ ︾ ︽ ᠥᠪᠦᠷ ᠮᠣᠩᠭᠤᠯ ᠤ᠋ᠨ ᠵᠠᠯᠠᠭᠤᠴᠤᠳ ︾ ︽ ᠰᠢᠨᠵᠢᠯᠡᠬᠦ ᠤᠬᠠᠭᠠᠨ ︾ ︽ ᠥᠪᠦᠷ ᠮᠣᠩᠭᠤᠯ ᠤ᠋ᠨ ᠡᠳᠦᠷ ᠦ᠋ᠨ ᠰᠣᠨᠢᠨ ︾ ︽ ᠲᠦᠩᠯᠢᠶᠣᠤ ᠵᠢᠨ ᠡᠳᠦᠷ ᠦ᠋ᠨ ᠰᠣᠨᠢᠨ ︾ ︽ ᠤᠯᠠᠭᠠᠨᠬᠠᠳᠠ ᠵᠢᠨ ᠡᠳᠦᠷ ᠦ᠋ᠨ ᠰᠣᠨᠢᠨ ︾ ᠵᠡᠷᠭᠡ ᠰᠣᠨᠢᠨ ᠰᠡᠳᠭᠦᠯ ᠳ᠋ᠦ᠍ ᠨᠡᠢᠲᠡᠯᠡᠭᠦᠯᠵᠦ ᠬᠥᠮᠦᠰ ᠦ᠋ᠨ ᠰᠣᠨᠤᠷ ᠢ ᠬᠥᠭᠵᠢᠭᠡᠨ ᠤᠷᠮ᠎ᠠ ᠵᠢ ᠲᠠᠲᠠᠵᠤ ᠥᠭᠯᠢᠭᠡ ᠪᠤᠶᠠᠨ ᠦᠢᠯᠡᠳᠦᠯ᠎ᠡ ︕ ᠨᠠᠮ ᠤ᠋ᠨ ᠰᠤᠷᠭᠠᠨ ᠬᠥᠮᠦᠵᠢᠯ ᠦ᠋ᠨ ᠦᠢᠯᠡᠰ ᠲᠦ᠍ ᠨᠠᠰᠤᠨ ᠲᠤᠷᠰᠢ ᠦᠨᠡᠨᠴᠢ ᠰᠢᠳᠤᠷᠭᠤ ᠵᠢᠳᠭᠦᠵᠦ ᠂ ᠬᠡᠦᠬᠡᠳ ᠲᠡᠭᠡᠨ ᠬᠠᠢᠷ᠎ᠠ ᠪᠡᠨ ᠂ ᠠᠯᠢᠪᠠ ᠪᠡᠨ ᠵᠣᠷᠢᠭᠤᠯᠤᠨ ᠂ ᠨᠡᠩ ᠰᠠᠢᠨ ᠴᠢᠷᠮᠠᠢᠨ ᠠᠵᠢᠯᠯᠠᠵᠤ ᠂ ᠃ ᠨᠡᠩ ᠰᠠᠢᠨ ᠂ ᠨᠡᠡᠭ ᠴᠢᠨᠠᠷᠯᠢᠭ ᠪᠦᠲᠦᠭᠡᠯ ᠢ᠋ᠶ᠋ᠡᠨ ᠲᠤᠭᠤᠷᠪᠢᠨ ᠵᠣᠬᠢᠶᠠᠵᠤ ᠤᠩᠰᠢᠭᠴᠢ ᠲᠦᠮᠡᠨ ᠲᠡᠭᠡᠨ ᠣᠶᠤᠨ ᠤ᠋ ᠬᠦᠷᠲᠡᠭᠡᠯ ᠪᠣᠯᠭᠠᠬᠤ ᠪᠡᠷ ᠴᠠᠭ ᠢ ᠵᠠᠪᠳᠤᠨ ᠵᠠᠯᠭᠠᠭᠠᠳ ᠠᠵᠢᠯᠨᠠᠮ ︕ ᠬᠥᠳᠡᠯᠮᠦᠷᠢ ᠬᠥᠯᠦᠰᠦ ᠤᠷᠤᠰᠬᠠᠭᠴᠢᠳ ᠢ ᠬᠡᠵᠢᠶᠡᠳᠡ ᠭᠣᠮᠤᠳᠠᠭᠠᠳᠠᠭ ᠦᠭᠡᠢ ︕
Copyight 2016 by nmgmzw.gov.cn All Rights Reserved