ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠫᠣᠩᠰᠤᠭ ᠤ᠋ᠨ ᠣᠶᠤᠨᠭᠡᠷᠡᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠫᠣᠩᠰᠤᠭ ᠤ᠋ᠨ ᠣᠶᠤᠨᠭᠡᠷᠡᠯ ᠂ 1956 ᠣᠨ ᠤ᠋ 2 ᠰᠠᠷᠠᠢᠨ 14 ᠤ ᠡᠳᠦᠷ ᠂ ᠰᠢᠯᠢ  ᠶᠢᠨ ᠭᠣᠣᠯ ᠠᠢᠮᠠᠭ ᠤ᠋ᠨ ᠠᠪᠠᠭ᠎ᠠ ᠬᠣᠰᠢᠭᠤᠨ ᠤ᠋ ᠤᠤᠯ ᠤᠨ ᠴᠠᠩᠬᠡᠯᠪᠤᠯᠠᠭ ᠰᠤᠮᠤᠨ ᠤ᠋ ᠴᠡᠩᠭᠡᠯ ᠭᠠᠴᠠᠭᠠᠨ ᠤ ᠪᠣᠷᠵᠢᠭᠢᠨ ᠣᠪᠤᠭᠲᠤ ᠴᠠᠡᠷᠠᠪ ᠤᠨ ᠫᠣᠩᠰᠤᠭ ᠂ ᠬᠠᠯᠬ᠎ᠠ ᠤᠳᠤᠮ ᠤᠨ ᠲᠠᠷᠢᠰᠦ᠋ᠷᠦᠩ ᠬᠤᠶᠠᠷ ᠤᠨ ᠳᠥᠷᠪᠡᠳᠡᠬᠢ ᠥᠬᠢᠨ ᠦᠷ᠎ᠡ ᠪᠣᠯᠵᠤ ᠵᠠᠶᠠᠭᠠᠵᠠᠢ ᠃ 1976 ᠣᠨ ‍ᠳ᠋ᠥ ᠰᠢᠯᠢ  ᠶᠢᠨ ᠭᠣᠣᠯ ᠠᠢᠮᠠᠭ ᠤ᠋ᠨ ᠪᠠᠭᠰᠢ  ᠶᠢᠨ ᠰᠤᠷᠭᠠᠭᠤᠯᠢ ᠠ᠋ᠴᠠ ᠲᠡᠭᠦᠰᠴᠦ ᠂ ᠪᠠᠷᠠᠭᠤᠨ ᠦᠵᠦᠮᠦᠴᠢᠨ ᠬᠣᠰᠢᠭᠤᠨ ‍ᠳ᠋ᠥ ᠠᠵᠢᠯ ᠤᠨ ᠬᠤᠪᠢᠶᠠᠷᠢ ᠠᠪᠴᠤ ᠠᠷᠠᠳ ᠤᠨ ᠪᠠᠭᠰᠢ  ᠶᠢᠨ ᠬᠠᠷᠢᠭᠤᠴᠠᠯᠭ᠎ᠠ  ᠶᠢ ᠡᠭᠦᠷᠭᠡᠯᠡᠵᠡᠢ ᠃ 1976 ᠣᠨ ︱ 1987 ᠣᠨ ᠬᠦᠷᠲᠡᠯ᠎ᠡ ᠪᠠᠷᠠᠭᠤᠨ ᠦᠵᠦᠮᠦᠴᠢᠨ ᠬᠣᠰᠢᠭᠤᠨ ᠤ᠋ ᠬᠠᠷᠭᠠᠨᠠᠲᠠᠢ ᠂ ᠰᠣᠩᠬᠢᠡᠡᠠᠭᠤᠯᠠ ᠵᠡᠷᠭᠡ ᠦᠨᠳᠦᠰᠦᠨ ᠱᠠᠲᠤᠨ ᠤ᠋ ᠪᠠᠭ᠎ᠠ ᠰᠤᠷᠭᠠᠭᠤᠯᠢ ‍ᠳ᠋ᠥ ᠪᠠᠭᠰᠢᠯᠠᠵᠤ ᠂ 1987 ᠣᠨ ︱ 2012 ᠣᠨ ᠬᠦᠷᠲᠡᠯ᠎ᠡ ᠬᠣᠰᠢᠭᠤᠨ ᠤ᠋ ᠪᠠᠨ ᠮᠣᠩᠭᠤᠯ ᠦᠨᠳᠦᠰᠦᠲᠡᠨ ᠦ᠌ ᠨᠢᠭᠡᠳᠦᠭᠡᠷ ᠪᠠᠭ᠎ᠠ ᠰᠤᠷᠭᠠᠭᠤᠯᠢ ‍ᠳ᠋ᠥ ᠠᠵᠢᠯ ᠤᠨ ᠠᠮᠠᠷᠠᠯᠲᠠ ᠪᠠᠨ ᠠᠪᠲᠠᠯ᠎ᠠ ᠠᠵᠢᠯᠯᠠᠵᠠᠢ ᠃ ᠳᠥᠴᠢ ᠰᠢᠬᠠᠮ ᠬᠠᠪᠤᠷ ᠨᠠᠮᠤᠷ  ᠢ ᠲᠤᠭᠤᠯᠤᠨ ᠥᠩᠭᠡᠷᠡᠭᠦᠯᠬᠦ ᠳ᠋ᠡᠭᠡᠨ ᠰᠤᠷᠭᠠᠨ ᠬᠥᠮᠦᠵᠢᠯ ᠦ᠋ᠨ ᠦᠢᠯᠡᠰ ᠦ᠋ᠨ ᠲᠥᠯᠦᠭᠡ ᠨᠠᠰᠤᠨ ᠲᠤᠷᠰᠢᠳᠠ ᠵᠢᠳᠭᠦᠨ ᠠᠵᠢᠯᠯᠠᠵᠤ ᠂ ᠮᠣᠩᠭᠤᠯ ᠬᠡᠯᠡ ᠂ ᠤᠷᠠᠨ ᠵᠣᠬᠢᠶᠠᠯ ᠤ᠋ᠨ ᠦᠢᠯᠡᠰ ᠲᠣ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ᠂ ᠨᠡᠷ᠎ᠡ ᠬᠥᠨᠳᠦᠲᠦ ᠰᠤᠷᠭᠠᠨ ᠬᠥᠮᠦᠵᠢᠯ ᠦ᠋ᠨ ᠵᠢᠳᠭᠦᠯᠲᠡᠨ ᠶᠤᠮ ᠃ ᠲᠡᠷᠡᠪᠡᠷ ᠭᠠᠷᠭᠠᠨ ᠪᠠᠭ᠎ᠠ  ᠠᠴᠠ ᠪᠠᠨ ᠨᠣᠮ ᠪᠢᠴᠢᠭ ᠢ᠋ ᠳᠡᠭᠡᠳᠦᠯᠡᠵᠦ ᠂ ᠴᠥᠬᠦᠷᠡᠯ ᠦᠭᠡᠢ ᠴᠢᠷᠮᠠᠢᠨ ᠰᠤᠷᠤᠯᠴᠠᠳᠠᠭ ᠰᠠᠢᠬᠠᠨ ᠳᠠᠳᠭᠠᠯ ᠲᠠᠢ ᠂ ᠤᠷᠠᠨ ᠵᠣᠬᠢᠶᠠᠯ ‍ᠳ᠋ᠥ ᠠᠪᠢᠶᠠᠰᠤᠯᠢᠭ ᠪᠠᠢᠵᠤ ᠂ ᠪᠠᠭ᠎ᠠ ᠵᠠᠯᠠᠭᠤ ᠨᠠᠰᠤᠨ ᠠ᠋ᠴᠠ ᠪᠠᠨ ᠡᠬᠢᠯᠡᠨ ᠤᠷᠠᠨ ᠵᠣᠬᠢᠶᠠᠯ ᠣᠷᠤᠯᠳᠤᠵᠤ ᠡᠬᠢᠯᠡᠵᠡᠢ ᠃ 1990 ᠣᠨ ‍ᠳ᠋ᠥ ᠂ ᠠᠩᠬᠠᠨ ᠤ ᠨᠠᠢᠷᠠᠭᠤᠯᠤᠯ ︽ ᠲᠡᠷᠡ ᠦᠳᠡᠰᠢ  ᠶᠢᠨ ᠰᠠᠷᠠ ︾ ᠂ ︽ ᠳᠠᠭᠤᠰᠤᠰᠢ ᠦᠭᠡᠢ ᠠᠮᠢᠳᠤᠷᠠᠯ ︾ ᠭᠡᠬᠦ ᠥᠭᠦᠯᠡᠯᠭᠡ ᠪᠡᠨ ︽ ᠦᠵᠦᠮᠦᠴᠢᠨ ᠰᠡᠳᠭᠦᠯ ︾ ‍ᠳ᠋ᠥ ᠪᠠᠨ ᠨᠡᠢᠲᠡᠯᠡᠭᠦᠯᠵᠦ ᠤᠷᠠᠨ ᠵᠣᠬᠢᠶᠠᠯ ᠤ᠋ᠨ ᠠᠩᠬᠠᠨ ᠤ ᠠᠶᠠᠨ  ᠢᠶᠠᠨ ᠡᠬᠢᠯᠡᠭᠦᠯᠦᠭᠰᠡᠨ ᠡᠴᠡ ᠠᠪᠤᠭᠠᠳ ᠠᠢᠮᠠᠭ ᠂ ᠣᠷᠤᠨ ᠤ᠋ ᠲᠠᠰ ᠤᠨ ᠰᠣᠨᠢᠨ ᠰᠡᠳᠭᠦᠯ ᠨᠤᠭᠦᠳ ᠲᠣ ᠨᠠᠢᠷᠠᠭᠤᠯᠤᠯ ᠂ ᠥᠭᠦᠯᠡᠯᠭᠡ ᠂ ᠲᠤᠭᠤᠵᠢ ᠂ ᠷᠣᠮᠠᠨ ᠤ᠋ ᠵᠣᠬᠢᠶᠠᠯ ᠢ᠋ᠶ᠋ᠠᠨ ᠵᠠᠭᠤ ᠭᠠᠷᠤᠢ ᠪᠦᠲᠦᠭᠡᠯ ᠢ᠋ᠶ᠋ᠡᠨ ᠨᠡᠢᠲᠡᠯᠡᠭᠦᠯᠵᠦ ᠂ ︽ ᠬᠤᠨ ᠭᠠᠯᠠᠭᠤ ︾ ᠂ ︽ ᠵᠠᠯᠠᠭᠤᠴᠤᠳ ︾ ᠂ ︽ ᠴᠣᠮᠣᠷᠯᠢᠭ ︾ ᠂ ︽ ᠥᠨᠢᠷ ᠴᠡᠴᠡᠭ ︾ ᠵᠡᠷᠭᠡ ᠰᠡᠳᠭᠦᠯ ᠦ᠋ᠨ ᠬᠣᠷᠢᠶ᠎ᠠ ᠠ᠋ᠴᠠ ᠡᠷᠬᠢᠯᠡᠨ ᠶᠠᠪᠤᠭᠳᠠᠭᠤᠯᠤᠭᠰᠠᠨ ᠨᠠᠢ᠍ᠮᠠᠨ ᠮᠤᠵᠢ ᠣᠷᠤᠨ ᠤ᠋ ᠨᠠᠢᠷᠠᠭᠤᠯᠤᠯ ᠥᠭᠦᠯᠡᠯᠭᠡ ᠶ᠋ᠢᠨ ᠤᠷᠤᠯᠳᠤᠭᠠᠨ ‍ᠳ᠋ᠥ ︽ ᠠᠪᠤ  ᠶᠢᠨ ᠳᠦᠷᠢ ᠲᠠᠢ ᠡᠭᠦᠯᠡ ︾ ᠂ ︽ ᠨᠠᠰᠤᠨ ᠳ᠋ᠠᠭᠠᠨ ᠪᠢᠴᠢᠭᠰᠡᠨ ᠵᠠᠬᠢᠳᠠᠯ ︾ ᠂ ︽ ᠬᠠᠷ᠎ᠠ ᠨᠢᠳᠦᠨ ᠬᠤᠷᠠᠭ᠎ᠠ ᠬᠢᠭᠡᠳ ᠰᠢᠷ᠎ᠠ ᠨᠢᠳᠦᠨ ᠥᠬᠢᠨ ︾ ᠂ ︽ ᠥᠨᠦᠴᠢᠨ ᠤᠨᠠᠭᠠᠨ ᠤ ᠦᠦᠷᠰᠡᠯ ︾ ᠵᠡᠷᠭᠡ ᠥᠭᠦᠯᠡᠯᠭᠡ ᠨᠠᠢᠷᠠᠭᠤᠯᠤᠯ ᠤ᠋ᠨ ᠵᠣᠬᠢᠶᠠᠯ ᠨᠢ ᠬᠣᠶᠠᠳᠤᠭᠠᠷ ᠂ ᠭᠤᠷᠪᠠᠳᠤᠭᠠᠷ ᠲᠠᠰ ᠂ ᠰᠢᠯᠢᠳᠡᠭ ᠲᠠᠰ ᠲᠣ ᠰᠢᠯᠭᠠᠷᠠᠵᠤ ᠪᠠᠢᠭᠰᠠᠨ ᠃ ᠨᠡᠯᠢᠶᠡᠳ ᠨᠥᠯᠦᠭᠡ ᠲᠠᠢ ᠵᠣᠬᠢᠶᠠᠯ ᠠ᠋ᠴᠠ ᠳᠤᠷᠠᠳᠬᠤ ‍ᠳ᠋ᠥ ᠄ ︽ ᠰᠦᠨᠡᠰᠦᠨ ᠦ᠌ ᠨᠢᠳᠦ ︾ ︵ ᠥᠭᠦᠯᠡᠯᠭᠡ ︶ ᠂ ︽ ᠨᠤᠲᠤᠭ ︾ ︵ ᠥᠭᠦᠯᠡᠯᠭᠡ ︶ ᠂ ︽ ᠠᠷᠭᠠᠯ ᠲᠠᠢ ᠨᠤᠲᠤᠭ ᠤ᠋ᠨ ᠠᠭᠠᠷ ᠴᠡᠯᠮᠡᠭ ︾ ︵ ᠨᠠᠢᠷᠠᠭᠤᠯᠤᠯ ︶ ᠨᠤᠭᠤᠳ ᠨᠢ ᠤᠩᠰᠢᠭᠴᠢᠳ ᠤᠨ ᠳᠤᠮᠳᠠ ᠨᠡᠯᠢᠶᠡᠳ ᠨᠥᠯᠦᠭᠡ ᠲᠤᠰᠭᠠᠯ ᠲᠠᠢ ᠪᠠᠢᠳᠠᠭ ᠃ 2017 ᠣᠨ ᠤ᠋ ᠠᠷᠪᠠᠨ ᠰᠠᠷ᠎ᠠ ‍ᠳ᠋ᠥ ᠂ ᠠᠩᠬᠠᠨ ᠤ ᠷᠣᠮᠠᠨ ︱ ︽ ᠡᠯᠡᠰᠦᠨ ‍ᠳ᠋ᠥ ᠪᠤᠯᠠᠭᠳᠠᠭᠰᠠᠨ ᠰᠤᠪᠤᠳ ︾ ᠪᠣᠯᠤᠨ ᠡᠮᠬᠢᠳᠭᠡᠯ ᠲᠡᠭᠦᠪᠦᠷᠢ ︽ ᠠᠪᠤ  ᠶᠢᠨ ᠳᠦᠷᠢ ᠲᠠᠢ ᠡᠭᠦᠯᠡ ︾ ᠵᠣᠬᠢᠶᠠᠯ  ᠢᠶᠠᠨ ︵ ᠠᠷᠠᠳ ᠤᠨ ᠬᠡᠪᠯᠡᠯ ᠦ᠋ᠨ ᠬᠣᠷᠢᠶ᠎ᠠ ︶ ᠬᠡᠪᠯᠡᠭᠦᠯᠪᠡ ᠃ ︽ ᠡᠯᠡᠰᠦᠨ ‍ᠳ᠋ᠥ ᠪᠤᠯᠠᠭᠳᠠᠭᠰᠠᠨ ᠰᠤᠪᠤᠳ ︾ ᠷᠣᠮᠠᠨ ᠨᠢ ᠤᠩᠰᠢᠭᠴᠢᠳ ᠤᠨ ᠬᠠᠯᠠᠭᠤᠨ ᠬᠦᠷᠢᠶᠡᠯᠡᠯ ᠢ᠋ ᠣᠯᠵᠤ ᠨᠥᠯᠦᠭᠡ ᠲᠤᠰᠭᠠᠯ ᠰᠠᠢᠲᠠᠢ ᠪᠦᠲᠦᠭᠡᠯ ᠦ᠋ᠨ ᠨᠢᠭᠡᠨ ᠪᠣᠯᠵᠠᠢ ᠃ ᠲᠡᠭᠦᠨ ᠦ᠌ ᠪᠦᠲᠦᠭᠡᠯ ᠨᠢ ᠬᠡᠯᠡ ᠬᠡᠯᠡᠯᠭᠡ ᠤᠷᠤᠰᠤᠮ᠎ᠠ ᠰᠠᠢᠬᠠᠨ ᠂ ᠡᠬᠡᠯ ᠪᠣᠷᠤᠭᠵᠢᠭᠤᠨ ᠂ ᠤᠷᠠᠨ ᠳᠦᠷᠰᠦᠯᠢᠭ ᠂ ᠡᠬᠡᠯ ᠠᠮᠢᠳᠤᠷᠠᠯ ᠤ᠋ᠨ ᠪᠣᠷᠤ ᠵᠢᠷᠤᠭ  ᠢ ᠳᠦᠷᠰᠦᠯᠢᠭ ᠤᠷᠠᠨ ᠢᠯᠡᠳᠭᠡᠵᠦ ᠴᠢᠳᠠᠳᠠᠭ ᠃ ᠥᠪᠡᠷ ᠦ᠋ᠨ ᠭᠡᠰᠡᠨ ᠥᠪᠡᠷᠮᠢᠴᠡ ᠬᠡᠪ ᠨᠠᠮᠪᠠ ᠪᠠᠷ  ᠢᠶᠠᠨ ᠪᠤᠰᠤᠳ ᠠ᠋ᠴᠠ ᠣᠨᠴᠠᠯᠢᠭᠳᠠᠨ᠎ᠠ ᠃ ᠫ‍ ᠂ ᠣᠶᠤᠨᠭᠡᠷᠡᠯ ᠪᠠᠭᠰᠢ ᠪᠣᠯ ᠴᠥᠭᠡᠨ ᠪᠣᠯᠪᠠᠴᠤ ᠳᠣᠷᠪᠢᠯᠢᠭ ᠂ ᠴᠢᠨᠠᠷᠯᠢᠭ ᠤᠷᠠᠨ ᠪᠦᠲᠦᠭᠡᠯ ᠲᠠᠢ ᠠᠷᠠᠳ ᠤᠯᠠᠨ ‍ᠳ᠋ᠥ ᠪᠠᠨ ᠲᠠᠨᠢᠭᠳᠠᠨ ᠮᠡᠳᠡᠷᠡᠭᠳᠡᠵᠦ ᠪᠠᠢᠭ᠎ᠠ ᠤᠷᠠᠨ ᠪᠦᠲᠦᠭᠡᠯᠴᠢ ᠶ᠋ᠢᠨ ᠨᠢᠭᠡᠨ ᠪᠣᠯᠬᠤ ᠶᠤᠮ ᠃ ᠮᠥᠨᠴᠦ ᠦᠨᠳᠦᠰᠦᠲᠡᠨ ᠦ᠌ ᠬᠡᠯᠡ ᠰᠣᠶᠤᠯ ᠤ᠋ᠨ ᠦᠢᠯᠡᠰ ᠲᠣ ᠵᠠᠵᠢᠨ ᠦᠰᠦ ᠪᠡᠨ ᠴᠠᠢᠲᠠᠯ᠎ᠠ ᠵᠢᠳᠭᠦᠵᠦ ᠂ ᠡᠳᠦᠭᠡ ᠠᠵᠢᠯ  ᠠᠴᠠ ᠪᠠᠨ ᠳᠠᠷᠬᠠᠯᠠᠭᠳᠠᠭᠰᠠᠨ ᠪᠣᠯᠪᠠᠴᠤ ᠰᠣᠶᠤᠯ ᠰᠤᠷᠭᠠᠨ ᠬᠥᠮᠦᠵᠢᠯ ‍ᠤᠨ᠋ ᠦᠢᠯᠠᠰ ᠲᠣ ᠪᠡᠶ᠎ᠡ ᠰᠡᠳᠭᠢᠯ ᠢ᠋ᠶ᠋ᠡᠨ ᠵᠦᠳᠡᠭᠡᠨ ᠠᠵᠢᠯᠯᠠᠭᠰᠠᠭᠠᠷ ᠪᠠᠢᠭ᠎ᠠ ᠃ ︽ ᠤᠩᠰᠢᠵᠤ ᠰᠤᠷᠤᠯᠴᠠᠬᠤ ᠤᠷᠠᠯᠠᠵᠤ ᠪᠦᠲᠦᠭᠡᠬᠦ ︾ ᠦᠢᠯᠡᠰ ᠢ᠋ᠶ᠋ᠡᠨ ᠦᠷᠭᠦᠯᠵᠢᠯᠡᠭᠦᠯᠦᠭᠰᠡᠭᠡᠷ ᠪᠠᠢᠨ᠎ᠠ ᠡ ᠃