ᠨᠡᠷ᠎ᠡ:
ᠮ ᠂ ᠬᠠᠰᠮᠠᠨᠳᠦ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠮ ᠂ ᠬᠠᠰᠮᠠᠨᠳᠦ ᠂ 1968.4.16 ᠳ᠋ᠥ ᠪᠠᠭᠠᠷᠢᠨ ᠪᠠᠷᠠᠭᠤᠨ ᠬᠣᠰᠢᠭᠤᠨ ᠣ ᠪᠠᠶᠠᠨᠲᠠᠯ᠎ᠠ ᠰᠤᠮᠤ ᠶᠢᠨ ᠮᠠᠯᠴᠢᠨ ᠠᠷᠠᠳ ᠮᠡᠳᠡᠯᠲᠦ ᠣᠶᠤᠩᠭᠤᠸ᠎ᠠ ᠶ᠋ᠢᠨ ᠤᠤᠭᠠᠨ ᠬᠥᠪᠡᠭᠦᠨ ᠪᠣᠯᠤᠨ ᠵᠠᠶᠠᠭᠠᠵᠠᠢ ᠃ ᠳᠡᠭᠡᠷ᠎ᠡ ᠵᠠᠭᠤᠨ ᠣ ᠨᠠᠶᠠᠭᠠᠳ ᠣᠨ ᠣ ᠰᠡᠭᠦᠯᠴᠢ ᠡᠴᠡ ᠣᠳᠣ ᠪᠣᠯᠲᠠᠯ᠎ᠠ ᠤᠷᠠᠨ ᠵᠣᠬᠢᠶᠠᠯ ᠤ᠋ᠨ ᠪᠠᠷᠲᠠᠭᠠᠲᠤ ᠵᠠᠮ ᠢ᠋ᠶ᠋ᠠᠷ ᠣᠢᠭ᠎ᠠ ᠦᠭᠡᠢ ᠭᠡᠯᠳᠦᠷᠢᠵᠦ ᠣᠷᠤᠨ ᠣ ᠳᠣᠲᠤᠨ᠎ᠠ ᠭᠠᠳᠠᠨᠠᠬᠢ ᠰᠣᠨᠢᠨ ᠰᠡᠳᠭᠦᠯ ᠦ᠋ᠳ ᠢ᠋ᠶ᠋ᠡᠷ ᠤᠷᠢᠳ ᠬᠣᠵᠢᠳ ᠵᠠᠭᠤ ᠢᠯᠡᠭᠦᠦ ᠲᠣᠭᠠᠨ ᠣ ᠥᠭᠦᠯᠡᠯᠭᠡ ᠶ᠋ᠢᠨ ᠵᠣᠬᠢᠶᠠᠯ ᠨᠡᠢᠲᠡᠯᠡᠭᠦᠯᠵᠡᠢ ᠃ ᠮᠠᠯᠴᠢᠨ ᠂ ᠲᠠᠷᠢᠶᠠᠴᠢᠨ ᠂ ᠮᠠᠯ ᠤᠨ ᠡᠮᠴᠢ ᠶᠢᠨ ᠠᠵᠢᠯ ᠲᠠᠢ ᠃ ᠲᠡᠭᠦᠨ ᠣ ᠵᠠᠷᠢᠮ ᠥᠭᠦᠯᠡᠯᠭᠡ ᠨᠢ ︽ ᠥᠨᠢᠷ ᠴᠡᠴᠡᠭ ︾ ︽ ᠬᠤᠨ ᠭᠠᠯᠠᠭᠤ ︾ ᠰᠡᠳᠭᠦᠯ ᠦ᠋ᠨ ᠥᠭᠦᠯᠡᠯᠭᠡ ᠶ᠋ᠢᠨ ᠱᠠᠩ ᠢ᠋ᠶ᠋ᠠᠷ ᠮᠢᠯᠢᠶᠠᠯᠭᠠᠵᠤ ᠥᠩᠭᠡᠷᠡᠭᠰᠡᠨ ᠪᠥᠭᠡᠳ ᠵᠠᠷᠢᠮ ᠵᠣᠬᠢᠶᠠᠯ ᠨᠢ ︽ ᠬᠣᠷᠢᠳᠤᠭᠠᠷ ᠵᠠᠭᠤᠨ ᠣ ᠳᠤᠮᠳᠠᠳᠤ ᠤᠯᠤᠰ ᠤᠨ ᠮᠣᠩᠭᠤᠯ ᠤᠷᠠᠨ ᠵᠣᠬᠢᠶᠠᠯ ᠤ᠋ᠨ ᠳᠡᠭᠡᠵᠢ ᠪᠢᠴᠢᠭ ︾ ︽ ᠮᠣᠩᠭᠤᠯ ᠪᠢᠴᠢᠯᠭᠡ ᠶ᠋ᠢᠨ ᠤᠤᠭᠠᠨ ᠲᠡᠭᠦᠪᠦᠷᠢ ︾ ︽ ᠭᠡᠷᠡᠯ ᠦ᠋ᠨ ᠪᠠᠭᠤᠴᠠ ︾ ︽ ᠪᠤᠷᠬᠠᠨ ᠲᠠᠢ ᠨᠤᠲᠤᠭ ︾ ︽ ᠰᠠᠨᠠᠵᠤ ᠬᠦᠷᠬᠦ ᠦᠭᠡᠢ ᠨᠤᠲᠤᠭ ︾ ᠵᠡᠷᠭᠡ ᠵᠣᠬᠢᠶᠠᠯ ᠤ᠋ᠨ ᠲᠡᠭᠦᠪᠦᠷᠢ ᠳ᠋ᠥ ᠰᠣᠩᠭᠤᠭᠳᠠᠨ ᠣᠷᠤᠭᠰᠠᠨ ᠪᠠᠢᠳᠠᠭ ᠃︽ ᠬᠣᠨᠢᠨ ᠱᠥᠯᠦ ︾ ᠬᠡᠮᠡᠬᠦ ᠮᠣᠩᠭᠤᠯ ᠥᠭᠦᠯᠡᠯᠭᠡ ᠶ᠋ᠢᠨ ᠲᠡᠭᠦᠪᠦᠷᠢ ᠲᠠᠢ ᠃ ᠲᠡᠷᠡ ᠪᠡᠷ ᠣᠳᠣ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠤᠯᠠᠭᠠᠨᠬᠠᠳᠠ ᠬᠤᠳᠠ ᠶᠢᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠪᠠᠭᠠᠷᠢᠨ ᠪᠠᠷᠠᠭᠤᠨ ᠬᠣᠰᠢᠭᠤᠨ ᠣ ᠤᠳᠭ᠎ᠠ ᠤᠷᠠᠯᠢᠭ ᠤᠨ ᠬᠢᠨ ᠣ ᠬᠣᠯᠪᠤᠭᠠᠨ ᠣ ᠭᠡᠰᠢᠭᠦᠨ ᠃
Copyight 2016 by nmgmzw.gov.cn All Rights Reserved