ᠨᠡᠷ᠎ᠡ:
ᠪ · ᠰᠡᠴᠡᠨᠲᠦ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠪ · ᠰᠡᠴᠡᠨᠲᠦ ᠂ 1973 ᠣᠨ ᠳ᠋ᠤ᠌ ᠰᠢᠯᠢ ᠶᠢᠨ ᠭᠣᠣᠯ ᠠᠢᠮᠠᠭ ᠤ᠋ᠨ ᠰᠥᠨᠢᠳ ᠪᠠᠷᠠᠭᠤᠨ ᠬᠣᠰᠢᠭᠤᠨ ᠤ᠋ ᠤᠤᠯ ᠤᠨ ᠳᠦᠭᠦᠷᠡᠩᠥ᠌ᠯᠵᠡᠢ ᠰᠤᠮᠤᠨ ᠤ ︵ ᠣᠳᠣ ᠶ᠋ᠢᠨ ᠵᠢᠷᠦᠬᠡ ᠪᠠᠯᠭᠠᠰᠤ ︶ ᠪᠠᠶᠠᠨᠪᠤᠯᠠᠭ ᠭᠠᠴᠠᠭᠠᠨ ᠤ ᠤᠯᠠᠭᠠᠨ ᠨᠠᠭᠤᠷ ᠬᠡᠮᠡᠬᠦ ᠭᠠᠵᠠᠷ ᠲᠤ ᠠᠪᠤ ᠪᠠᠯᠵᠢᠨᠢᠮ᠎ᠠ ᠂ ᠡᠵᠢ ᠯᠢᠩᠬᠤ᠎ᠠ ᠶ᠋ᠢᠨ ᠬᠣᠶᠠᠳᠤᠭᠠᠷ ᠬᠥᠪᠡᠭᠦᠨ ᠪᠣᠯᠵᠤ ᠵᠠᠶᠠᠭᠠᠵᠠᠢ ᠃ ᠠᠷᠤ ᠭᠡᠷ ᠦ᠋ᠨ ᠠᠮᠢᠳᠤᠷᠠᠯ ᠤᠨ ᠬᠦᠴᠢᠷ ᠵᠣᠪᠠᠯᠠᠩ ᠠ᠋ᠴᠠ ᠪᠣᠯᠵᠤ ᠂ ᠰᠤᠷᠤᠯᠭ᠎ᠠ ᠪᠠᠨ ᠳᠤᠷᠭᠤᠨ ᠵᠣᠭᠰᠤᠵᠤ ᠮᠠᠯᠴᠢᠨ ᠵᠠᠶᠠᠭ᠎ᠠ ᠡᠷᠭᠦᠵᠦ ᠮᠠᠯᠵᠢᠬᠤ ᠦᠢᠯᠡᠳᠪᠦᠷᠢᠯᠡᠯ ᠵᠢᠴᠢ ᠮᠠᠷᠭᠠᠰᠢ ᠶᠢᠨ ᠦᠢᠯᠡᠰ ᠵᠦᠭ ᠢᠶᠡᠨ ᠬᠦᠨᠳᠦ ᠬᠠᠲᠠᠭᠤ ᠬᠥᠳᠡᠯᠮᠦᠷᠢ ᠳ᠋ᠦ᠍ ᠣᠷᠤᠯᠴᠠᠨ ᠂ ᠬᠥᠮᠦᠨ ᠦ᠌ ᠠᠮᠢᠳᠤᠷᠠᠯ ᠤᠨ ᠵᠢᠷᠭᠠᠯ ᠵᠣᠪᠠᠯᠠᠩ ᠢ᠋ ᠰᠡᠳᠭᠢᠯ ᠢᠲᠡᠭᠡᠯ ᠢ᠋ᠶ᠋ᠡᠷ ᠢ᠋ᠶ᠋ᠡᠨ ᠡᠷᠢᠯᠬᠢᠯᠡᠵᠦ ᠶᠠᠪᠤᠭᠰᠠᠨ ᠬᠥᠳᠡᠭᠡ ᠶ᠋ᠢᠨ ᠨᠢᠭᠡᠨ ᠮᠠᠯᠴᠢᠨ ᠵᠣᠬᠢᠶᠠᠯᠴᠢ ᠂ ᠮᠠᠯᠴᠢᠨ ᠴᠢᠮᠡᠭᠡᠯᠡᠭᠴᠢ ᠪᠢᠯᠡ ᠃ ︽ ᠬᠣᠨᠢᠴᠢᠨ ᠠᠪᠤ ᠶᠢᠨ ᠳᠤᠷᠠᠰᠤᠮᠵᠢ ︾ ᠭᠡᠬᠦ ᠰᠢᠯᠦᠭ ᠢᠶᠡᠨ ᠥᠪᠦᠷ ᠮᠣᠩᠭᠤᠯ ᠤ᠋ᠨ ᠮᠣᠩᠭᠤᠯ ᠣᠳᠤᠨ ᠲᠧᠯᠸᠢᠰ ᠲᠦ᠍ ᠨᠡᠪᠲᠡᠷᠡᠭᠦᠯᠦᠭᠰᠡᠨ ᠡᠴᠡ ᠨᠠᠰᠢ ᠂ ᠰᠢᠯᠦᠭ ᠵᠣᠬᠢᠶᠠᠯ ᠂ ᠮᠡᠳᠡᠭᠡ ᠴᠢᠮᠡᠭᠡᠯᠡᠯ ᠳ᠋ᠦ᠍ ᠤᠷᠮ᠎ᠠ ᠰᠡᠳᠭᠢᠯᠭᠡ ᠬᠥᠭᠵᠢᠨ ︽ ᠮᠢᠨᠤ ᠮᠣᠩᠭᠤᠯ ᠳᠠᠭᠤᠤ ︾ ᠂ ︽ ᠮᠣᠩᠭᠤᠯ ᠬᠥᠮᠦᠨ ᠶᠠᠭᠤ ᠪᠠᠷ ᠴᠦ᠍ ᠳᠤᠲᠠᠬᠤ ᠦᠭᠡᠢ ︾ ᠂ ︽ ᠠᠯᠳᠠᠨ ᠨᠠᠮᠤᠷ ᠤᠨ ᠡᠭᠡ ᠣᠷᠤᠨ ︾ ᠂ ︽ ᠡᠪᠦᠯ ᠪᠣᠯᠬᠤ ᠪᠠᠷ ᠲᠡᠮᠡᠭᠡ ᠰᠠᠨᠠᠭᠳᠠᠨ᠎ᠠ ︾ ᠁ ᠵᠡᠷᠭᠡ ᠡᠳᠦᠢ ᠲᠡᠳᠦᠢ ᠵᠣᠬᠢᠶᠠᠯ ᠪᠦᠲᠦᠭᠡᠯ ᠢ᠋ᠶ᠋ᠡᠨ ᠲᠥᠪ ᠂ ᠣᠷᠤᠨ ᠂ ᠠᠢᠮᠠᠭ ᠂ ᠬᠣᠰᠢᠭᠤ ᠱᠠᠳᠤᠨ ᠤ ᠰᠣᠨᠢᠨ ᠰᠡᠳᠭᠦᠯ ᠂ ᠷᠠᠳᠢᠣ᠋ ᠳ᠋ᠤ᠌ ᠨᠡᠢᠲᠡᠯᠡᠭᠦᠯᠵᠦ ᠢᠷᠡᠪᠡ ᠃ 1998 ᠣᠨ ᠳ᠋ᠤ᠌ ︽ ᠤᠷᠤᠭ ᠭᠡᠷ ᠪᠦᠯᠢ ᠨᠡᠢᠭᠡᠮ ︾ ᠰᠡᠳᠭᠦᠯ ᠦ᠋ᠨ ᠣᠨᠴᠠ ᠤᠷᠢᠭᠰᠠᠨ ᠴᠢᠮᠡᠭᠡᠯᠡᠭᠴᠢ ᠪᠣᠯᠵᠤ ︽ ᠠᠷᠢᠬᠢ ᠦᠭᠡᠢ ᠡᠳᠦᠷ ︾ ᠂ ︽ ᠠᠵᠠ ᠵᠢᠷᠭᠠᠯ ᠤᠨ ᠠᠯᠳᠠᠨ ᠭᠠᠷᠠᠭ ︾ ᠵᠡᠷᠭᠡ ᠵᠣᠬᠢᠶᠠᠯ ᠪᠦᠲᠦᠭᠡᠯ ᠢ᠋ᠶ᠋ᠡᠨ ᠨᠡᠢᠲᠡᠯᠡᠭᠦᠯᠵᠦ ᠪᠠᠢᠪᠠ ᠃ ︽ ᠰᠢᠨᠵᠢᠯᠡᠬᠦ ᠤᠬᠠᠭᠠᠨ ᠠᠮᠢᠳᠤᠷᠠᠯ ︾ ᠰᠡᠳᠭᠦᠯ ᠳ᠋ᠦ᠍ ︽ ᠳᠠᠭᠠᠨ ᠭᠣᠮᠪᠤ ᠶ᠋ᠢᠨ ᠳᠠᠷᠬᠠᠨ ᠦᠯᠢᠭᠡᠷ ︾ ᠁ ᠵᠡᠷᠭᠡ ᠤᠷᠠᠨ ᠪᠦᠲᠦᠭᠡᠯ ᠢ᠋ᠶ᠋ᠡᠨ ᠨᠡᠢᠲᠡᠯᠡᠭᠦᠯᠵᠦ ᠂ ᠪᠠᠰᠠ ᠥᠪᠦᠷ ᠮᠣᠩᠭᠤᠯ ᠤ᠋ᠨ ᠮᠣᠩᠭᠤᠯ ᠣᠳᠤᠨ ᠲᠧᠯᠸᠢᠰ ᠦ᠋ᠨ ᠭᠤᠴᠢᠨ ᠵᠢᠯ ᠦ᠋ᠨ ᠤᠢ ᠳ᠋ᠤ᠌ ᠵᠣᠷᠢᠭᠤᠯᠤᠭᠰᠠᠨ ᠡᠭᠡ ᠪᠢᠴᠢᠭ ᠡᠯᠰᠡᠬᠦ ᠤᠷᠤᠯᠳᠤᠭᠠᠨ ᠳ᠋ᠤ᠌ ︽ ᠪᠢ ᠮᠣᠩᠭᠤᠯ ᠣᠳᠤᠨ ᠲᠧᠯᠸᠢᠰ ᠲᠠᠢ ᠪᠠᠨ ︾ ᠭᠡᠬᠦ ᠵᠣᠬᠢᠶᠠᠯ ᠪᠦᠲᠦᠭᠡᠯ ᠨᠢ ᠰᠢᠯᠢᠳᠡᠭ 32 ᠪᠦᠲᠦᠭᠡᠯ ᠳ᠋ᠦ᠍ ᠰᠢᠭᠰᠢᠭᠳᠡᠨ ᠣᠷᠤᠵᠤ ᠂ ᠲᠧᠯᠸᠢᠰ ᠪᠦᠲᠦᠭᠡᠯ ᠢ᠋ᠶ᠋ᠡᠷ ᠢ᠋ᠶ᠋ᠡᠨ ᠦᠵᠡᠭᠴᠢ ᠲᠦᠮᠡᠨ ᠦ᠌ ᠪᠠᠨ ᠰᠡᠳᠭᠢᠯ ᠳ᠋ᠦ᠍ ᠬᠦᠷᠪᠡ ᠃ ᠮᠥᠨᠴᠦ 2005 ᠣᠨ ᠳ᠋ᠤ᠌ ᠥᠪᠦᠷ ᠮᠣᠩᠭᠤᠯ ᠤ᠋ᠨ ᠮᠣᠩᠭᠤᠯ ᠣᠳᠤᠨ ᠲᠧᠯᠸᠢᠰ ᠦ᠋ᠨ ︽ TV ᠥᠷᠲᠡᠭᠡ ︾ ᠳᠡᠯᠭᠡᠴᠡ ᠶ᠋ᠢᠨ ︽ ᠠᠵᠠ ᠲᠠᠢ ᠦᠵᠡᠭᠴᠢ ︾ ᠪᠠᠷ ᠰᠣᠩᠭᠤᠭᠳᠠᠨ ᠂ ᠣᠨᠴᠠ ᠤᠷᠢᠭᠰᠠᠨ ᠴᠢᠮᠡᠭᠡᠯᠡᠭᠴᠢ ᠪᠣᠯᠵᠤ ᠂ ᠴᠢᠩᠭᠢᠰ ᠦ᠋ᠨ ᠣᠩᠭᠣᠨ ᠵᠢᠴᠢ ᠮᠣᠩᠭᠤᠯ ᠤᠯᠤᠰ ᠢ᠋ᠶ᠋ᠠᠷ ᠲᠣᠭᠤᠷᠢᠨ ᠰᠤᠷᠤᠯᠴᠠᠪᠠ ᠃ ︽ ᠡᠵᠢ ᠶᠢᠨ ᠬᠠᠢᠷ᠎ᠠ ᠳ᠋ᠤ᠌ ᠡᠩ ᠳᠡᠯᠡᠬᠡᠢ ᠥᠩᠭᠡᠰᠢᠨᠡ ︾ ᠭᠡᠬᠦ ᠰᠣᠨᠢᠨ ᠮᠡᠳᠡᠭᠡ ᠨᠢ ᠲᠥᠪ ᠷᠠᠳᠢᠣ᠋ ᠳ᠋ᠤ᠌ ᠰᠣᠩᠭᠤᠭᠳᠠᠨ ᠦᠨᠡᠯᠡᠭᠳᠡᠵᠦ ᠂ ᠤᠷᠢᠳ ᠬᠣᠵᠢᠳ ᠭᠤᠷᠪᠠᠨ ᠵᠠᠭᠤ ᠭᠠᠷᠤᠢ ᠰᠣᠨᠢᠨ ᠮᠡᠳᠡᠭᠡ ᠂ ᠤᠷᠠᠨ ᠵᠣᠬᠢᠶᠠᠯ ᠢ᠋ᠶ᠋ᠠᠨ ᠨᠡᠢᠲᠡᠯᠡᠭᠦᠯᠪᠡ ᠃ ᠤᠳᠭ᠎ᠠ ᠵᠣᠬᠢᠶᠠᠯ ᠂ ᠨᠣᠮ ᠪᠢᠴᠢᠭ ᠲᠦ᠍ ᠬᠠᠢᠷᠠᠲᠠᠢ ᠳᠤᠷᠠᠲᠠᠢ ᠪᠠᠢᠳᠠᠭ ᠤ᠋ᠨ ᠤᠴᠢᠷ 2010 ᠣᠨ ᠳ᠋ᠤ᠌ ︽ ᠡᠮᠵᠡᠭ ᠭᠠᠵᠠᠷ ᠤᠨ ᠨᠢᠯᠪᠤᠰᠤ ︾ ᠭᠡᠬᠦ ᠰᠢᠯᠦᠭ ᠦ᠋ᠨ ᠲᠡᠭᠦᠪᠦᠷᠢ ᠪᠠᠨ ᠬᠡᠪᠯᠡᠭᠦᠯᠦᠨ ᠲᠠᠷᠬᠠᠭᠠᠭᠰᠠᠨ ᠢ᠋ᠶ᠋ᠠᠷ ᠪᠠᠷᠠᠬᠤ ᠦᠭᠡᠢ ᠂ 2014 ᠣᠨ ᠳ᠋ᠤ᠌ ᠬᠥᠳᠡᠭᠡ ᠨᠤᠲᠤᠭ ᠲᠤ᠌ ᠪᠠᠨ ︽ ᠠᠵᠠ ᠲᠠᠢ ᠠᠢᠯ ᠨᠣᠮ ᠤ᠋ᠨ ᠥᠷᠦᠭᠡ ︾ ︵ ᠬᠤᠪᠢ ᠬᠥᠮᠦᠨ ᠦ᠌ ᠨᠣᠮ ᠤ᠋ᠨ ᠥᠷᠦᠭᠡ ︶ ᠶᠢ ᠪᠠᠢᠭᠤᠯᠵᠤ ᠂ ᠮᠠᠯᠴᠢᠨ ᠲᠦᠮᠡᠨ ᠵᠢᠴᠢ ᠨᠣᠮ ᠪᠢᠴᠢᠭ ᠲᠦ᠍ ᠬᠠᠢᠷᠠᠲᠠᠢ ᠬᠥᠮᠦᠰ ᠲᠦ᠍ ᠪᠠᠨ ᠣᠶᠤᠨ ᠤ᠋ ᠰᠢᠮ᠎ᠡ ᠬᠦᠷᠲᠡᠭᠡᠬᠦ ᠵᠣᠷᠢᠯᠭ᠎ᠠ ᠪᠠᠷ ᠠᠵᠢᠯᠯᠠᠭᠰᠠᠨ ᠪᠠᠢᠳᠠᠭ ᠃ ᠨᠣᠮ ᠤ᠋ᠨ ᠥᠷᠦᠭᠡ ᠪᠠᠢᠭᠤᠯᠤᠭᠰᠠᠨ ᠠ᠋ᠴᠠ ᠨᠠᠰᠢ ᠂ ᠬᠥᠳᠡᠭᠡ ᠨᠤᠲᠤᠭ ᠲᠤ᠌ ᠪᠠᠨ ︽ ᠨᠣᠮ ᠲᠠᠢ ᠮᠣᠩᠭᠤᠯ ᠴᠢᠭᠤᠯᠭᠠᠨ ︾ ᠂ ︽ ᠳᠡᠯᠡᠬᠡᠢ ᠶ᠋ᠢᠨ ᠨᠣᠮ ᠤᠩᠰᠢᠬᠤ ᠡᠳᠦᠷ ᠦ᠋ᠨ ᠳᠤᠷᠠᠰᠭᠠᠯᠲᠤ ᠠᠵᠢᠯᠯᠠᠭ᠎ᠠ ︾ ᠂ ︽ ᠤᠨᠠᠭᠠᠨ ᠢᠷᠦᠭᠡᠯᠴᠢ ᠪᠠᠭᠠᠴᠤᠳ ᠬᠡᠦᠬᠡᠳ ᠦ᠋ᠨ ᠢᠷᠦᠭᠡᠯ ᠮᠠᠭᠲᠠᠭᠠᠯ ᠤ᠋ᠨ ᠤᠷᠤᠯᠳᠤᠭᠠᠨ ︾ ᠁ ᠵᠡᠷᠭᠡ ᠤᠳᠭ᠎ᠠ ᠠᠭᠤᠯᠭ᠎ᠠ ᠪᠦᠬᠦᠢ ᠠᠵᠢᠯᠯᠠᠭ᠎ᠠ ᠶᠢ ᠵᠢᠯ ᠳᠠᠷᠠᠭᠠᠯᠠᠨ ᠡᠷᠬᠢᠯᠡᠨ ᠶᠠᠪᠤᠭᠳᠠᠭᠤᠯᠤᠭᠰᠠᠨ ᠪᠠᠢᠨ᠎ᠠ ᠃ ᠪᠠᠰᠠ ︽ ᠨᠣᠮ ᠤ᠋ᠨ ᠪᠠᠬᠠᠲᠠᠨ ︾ ᠵᠡᠷᠭᠡ ᠨᠣᠮ ᠪᠢᠴᠢᠭ ᠲᠦ᠍ ᠬᠠᠢᠷᠠᠲᠠᠢ ᠮᠠᠯᠴᠢᠨ ᠲᠦᠮᠡᠨ ᠢ᠋ᠶ᠋ᠡᠨ ᠱᠠᠩᠨᠠᠨ ᠬᠥᠬᠢᠭᠦᠯᠵᠦ ᠪᠠᠢᠭᠰᠠᠨ ᠶᠤᠮ ᠃ ᠣᠳᠣᠬᠠᠨ ᠲᠡᠷᠡ ᠥᠪᠦᠷ ᠮᠣᠩᠭᠤᠯ ᠤ᠋ᠨ ᠮᠣᠩᠭᠤᠯ ᠷᠠᠳᠢᠣ᠋ ᠬᠣᠷᠢᠶᠠᠨ ᠤ᠋ ᠴᠢᠮᠡᠭᠡᠯᠡᠭᠴᠢ ᠂ ᠰᠢᠯᠢ ᠶᠢᠨ ᠭᠣᠣᠯ ᠠᠢᠮᠠᠭ ᠤ᠋ᠨ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠶ᠋ᠢᠨ ᠭᠡᠰᠢᠭᠦᠨ ᠂ ︽ ᠰᠢᠯᠢ ᠶᠢᠨ ᠭᠣᠣᠯ ᠤ᠋ᠨ ᠡᠳᠦᠷ ᠦ᠋ᠨ ᠰᠣᠨᠢᠨ ︾ ᠤ ᠣᠨᠴᠠ ᠤᠷᠢᠭᠰᠠᠨ ᠮᠠᠯᠴᠢᠨ ᠴᠢᠮᠡᠭᠡᠯᠡᠭᠴᠢ ᠂ ᠰᠥᠨᠢᠳ ᠪᠠᠷᠠᠭᠤᠨ ᠬᠣᠰᠢᠭᠤᠨ ᠤ᠋ ᠤᠳᠭ᠎ᠠ ᠤᠷᠠᠯᠢᠭ ᠤᠨ ᠬᠢᠨ ᠦ᠌ ᠬᠣᠯᠪᠤᠭ᠎ᠠ ᠶ᠋ᠢᠨ ᠭᠡᠰᠢᠭᠦᠨ ᠂ ᠪᠠᠶᠠᠨᠪᠤᠯᠠᠭ ᠭᠠᠴᠠᠭᠠᠨ ᠤ ᠨᠠᠮ ᠤᠨ ᠡᠭᠦᠷ ᠦ᠋ᠨ ᠵᠣᠬᠢᠶᠠᠨ ᠪᠠᠢᠭᠤᠯᠬᠤ ᠭᠡᠰᠢᠭᠦᠨ ᠵᠡᠷᠭᠡ ᠨᠡᠢᠭᠡᠮ ᠦ᠋ᠨ ᠡᠭᠦᠷᠭᠡ ᠲᠤᠰᠢᠶᠠᠯ ᠲᠠᠢ ᠠᠵᠢᠯᠯᠠᠵᠤ ᠠᠮᠢᠳᠤᠷᠠᠵᠤ ᠪᠠᠢᠳᠠᠭ ᠃
Copyight 2016 by nmgmzw.gov.cn All Rights Reserved