ᠨᠡᠷ᠎ᠡ:
ᠤᠷᠢᠶᠠᠩᠬᠠᠨ ᠤ ᠂ ᠶᠣᠨᠳᠤᠨ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠤᠷᠢᠶᠠᠩᠬᠠᠨ ᠤ ᠂ ᠶᠣᠨᠳᠤᠨ ᠂ ᠳᠤᠮᠳᠠᠳᠤ ᠤᠯᠤᠰ ᠣᠨ ᠡᠪ ᠬᠠᠮᠲᠤ ᠨᠠᠮ ᠣᠨ ᠭᠡᠰᠢᠭᠦᠨ ᠂ ᠵᠡᠭᠦᠨ ᠦᠵᠦᠮᠦᠴᠢᠨ ᠬᠣᠰᠢᠭᠤᠨ ᠣ ᠠᠯᠲᠠᠨᠬᠢᠯᠢ ᠨᠢᠭᠡᠳᠦᠯ ᠣᠨ ᠪᠠᠳᠠᠷᠠᠬᠤ ᠪᠠᠷᠢᠭᠠᠳᠠ ᠶᠢᠨ ᠬᠥᠮᠦᠨ ᠮᠠᠯᠴᠢᠨ ᠭᠠᠷᠤᠯ ᠲᠠᠢ ᠂ ᠶᠡᠬᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ ᠂ ᠵᠠᠯᠠᠭᠤ ᠳ᠋ᠠᠭᠠᠨ ᠴᠡᠷᠢᠭ ᠣᠨ ᠠᠯᠪᠠ ᠬᠠᠭᠠᠵᠤ ᠥᠩᠭᠡᠷᠡᠪᠡ ᠃ ᠲᠡᠷᠡ 1953 ᠣᠨ ᠳ᠋ᠣ ᠤᠤᠯ ᠣᠨ ᠵᠡᠭᠦᠨ ᠬᠣᠯᠪᠤᠭᠠᠲᠤ ᠬᠣᠰᠢᠭᠤᠨ ᠣ ᠳᠣᠯᠤᠳᠤᠭᠠᠷ ᠰᠤᠮᠤᠨ ᠣ ᠠᠷᠪᠠ ᠪᠠᠭ ᠣᠨ ᠡᠩ ᠣᠨ ᠨᠢᠭᠡᠨ ᠮᠠᠯᠴᠢᠨ ᠣ ᠭᠡᠷ ᠲᠦ᠍ ᠲᠥᠷᠦᠪᠡ ᠃ ᠳᠥᠴᠢ ᠰᠢᠬᠠᠮ ᠵᠢᠯ ᠮᠠᠯ ᠮᠠᠯᠵᠢᠪᠠ ᠂ ᠪᠠᠷᠢᠭᠠᠳᠠ ᠶᠢᠨ ᠳᠠᠷᠤᠭ᠎ᠠ ᠂ ᠨᠠᠮ ᠣᠨ ᠡᠭᠦᠷ ᠣᠨ ᠱᠦᠵᠢ ᠶᠢᠨ ᠲᠤᠰᠢᠶᠠᠯ ᠢ ᠤᠳᠠᠭᠠᠨ ᠵᠢᠯ ᠬᠠᠪᠰᠤᠷᠭᠠᠨ ᠬᠠᠷᠢᠭᠤᠴᠠᠪᠠ ᠃ 1991 ᠣᠨ ᠳ᠋ᠣ ᠠᠯᠲᠠᠨᠬᠢᠯᠢ ᠰᠤᠮᠤᠨ ᠣ ᠵᠠᠰᠠᠭ ᠣᠨ ᠣᠷᠳᠤᠨ ᠣ ᠳᠠᠷᠤᠭ᠎ᠠ ᠪᠠᠷ ᠰᠣᠩᠭᠤᠭᠳᠠᠨ ᠂ ᠰᠤᠮᠤ ᠱᠠᠳᠤᠨ ᠳ᠋ᠣ ᠠᠷᠪᠠᠨ ᠵᠢᠯ ᠠᠵᠢᠯᠯᠠᠭᠰᠠᠨ ᠂ ᠬᠣᠵᠢᠮ ᠨᠢ ᠵᠡᠭᠦᠨ ᠦᠵᠦᠮᠦᠴᠢᠨ ᠬᠣᠰᠢᠭᠤᠨ ᠣ ᠨᠠᠮ ᠣᠨ ᠬᠣᠷᠢᠶᠠᠨ ᠣ ᠲᠤᠰᠠᠯᠠᠬᠤ ᠪᠠᠢᠴᠠᠭᠠᠨ ᠰᠤᠳᠤᠯᠤᠭᠴᠢ ︵ ᠳᠡᠳ᠋ ᠭᠠᠵᠠᠷ ᠣᠨ ᠲᠡᠰ ︶ ᠂ ᠬᠣᠰᠢᠭᠤ ᠬᠣᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠣᠨ ᠵᠥᠪᠯᠡᠯ ᠣᠨ ᠪᠠᠢᠩᠭᠤ ᠶ᠋ᠢᠨ ᠳᠡᠳ᠋ ᠡᠷᠬᠢᠯᠡᠭᠴᠢ ᠪᠡᠷ ᠠᠵᠢᠯᠯᠠᠵᠤ ᠪᠠᠢᠭᠠᠳ 2013 ᠣᠨ ᠳ᠋ᠣ ᠠᠵᠢᠯ ᠠ᠋ᠴᠠ ᠪᠠᠨ ᠳᠠᠷᠬᠠᠯᠠᠭᠳᠠᠵᠠᠢ ᠃ ᠠᠵᠢᠯᠯᠠᠵᠤ ᠪᠠᠢᠬᠤ ᠬᠤᠭᠤᠴᠠᠭᠠᠨ ᠳ᠋ᠠᠭᠠᠨ ᠠᠢᠮᠠᠭ ᠬᠣᠰᠢᠭᠤᠨ ᠤ᠋ ︽ ᠬᠥᠳᠡᠯᠮᠦᠷᠢ ᠶ᠋ᠢᠨ ᠵᠢᠱ᠌ᠢᠶᠡᠴᠢ ︾ ᠂ ᠣᠷᠤᠨ ᠣ ︽ ᠬᠣᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠲᠡᠷᠢᠭᠦᠨ ᠣ ᠠᠵᠢᠯᠲᠠᠨ ︾ ᠵᠡᠷᠭᠡ ᠭᠠᠪᠢᠶᠠᠨ ᠲᠡᠮᠳᠡᠭ ᠢᠷᠠᠭᠤ ᠠᠯᠳᠠᠷ ᠢᠶᠠᠷ ᠠᠵᠢᠯ ᠢᠶᠠᠨ ᠦᠨᠡᠯᠡᠭᠦᠯᠵᠦ ᠶᠠᠪᠤᠵᠠᠢ ᠃ ᠣᠳᠣ ᠥᠪᠦᠷ ᠮᠣᠩᠭᠤᠯ ᠣᠨ ᠠᠷᠠᠳ ᠣᠨ ᠵᠣᠬᠢᠶᠠᠯᠴᠢᠳ ᠤᠷᠠᠯᠢᠭᠴᠢᠳ ᠣᠨ ᠡᠪᠯᠡᠯ ᠣᠨ ᠭᠡᠰᠢᠭᠦᠨ ᠂ ᠥᠪᠦᠷ ᠮᠣᠩᠭᠤᠯ ᠣᠨ ᠵᠠᠩ ᠦᠢᠯᠡ ᠶᠢᠨ ᠨᠡᠢᠭᠡᠮᠯᠢᠭ ᠣᠨ ᠭᠡᠰᠢᠭᠦᠨ ᠂ ᠰᠢᠯᠢ ᠶᠢᠨ ᠭᠣᠣᠯ ᠠᠢᠮᠠᠭ ᠣᠨ ᠤᠳᠭ᠎ᠠ ᠤᠷᠠᠯᠢᠭ ᠣᠨ ᠬᠢᠨ ᠣ ᠬᠣᠯᠪᠤᠭ᠎ᠠ ᠶ᠋ᠢᠨ ᠭᠡᠰᠢᠭᠦᠨ ᠂ ᠬᠣᠰᠢᠭᠤᠨ ᠣ ᠲᠡᠦᠬᠡ ᠰᠣᠶᠤᠯ ᠣᠨ ᠨᠡᠢᠭᠡᠮᠯᠢᠭ ᠣᠨ ᠳᠡᠳ᠋ ᠲᠡᠷᠢᠭᠦᠯᠡᠭᠴᠢ ᠵᠡᠷᠭᠡ ᠨᠡᠢᠭᠡᠮ ᠣᠨ ᠡᠭᠦᠷᠭᠡᠯᠡᠯ ᠲᠠᠢ ᠪᠥᠭᠡᠳ ᠠᠢᠮᠠᠭ ᠬᠣᠰᠢᠭᠤᠨ ᠤ᠋ ᠲᠡᠰ ᠦ᠋ᠨ ︽ ᠦᠵᠦᠮᠦᠴᠢᠨ ᠦ᠌ ᠬᠥᠳᠡᠭᠡ ᠰᠦᠯᠳᠡ ᠶᠢᠨ ᠲᠠᠬᠢᠯᠭ᠎ᠠ ᠶᠢᠨ ᠥᠪᠯᠡᠨ ᠤᠯᠠᠮᠵᠢᠯᠠᠭᠴᠢ ︾ ᠂ ᠣᠷᠤᠨ ᠤ᠋ ᠲᠡᠰ ᠦ᠋ᠨ ︽ ᠦᠵᠦᠮᠦᠴᠢᠨ ᠭᠠᠯ ᠲᠠᠬᠢᠯᠭ᠎ᠠ ᠶᠢᠨ ᠥᠪᠯᠡᠨ ᠤᠯᠠᠮᠵᠢᠯᠠᠭᠴᠢ ︾ ᠪᠣᠯᠵᠠᠢ ᠃ ᠶᠣᠨᠳᠤᠨ ᠭᠤᠸᠠᠢ ᠠᠵᠢᠯ ᠠᠯᠪᠠ ᠪᠠᠨ ᠬᠠᠷᠢᠭᠤᠴᠠᠯᠭ᠎ᠠ ᠲᠠᠢ ᠪᠠᠷ ᠭᠦᠢᠴᠡᠳᠭᠡᠵᠦ ᠶᠠᠪᠤᠳᠠᠭ ᠢᠶᠠᠷ ᠪᠠᠷᠠᠬᠤ ᠦᠭᠡᠢ ᠪᠠᠰᠠ ᠣᠶᠤᠨ ᠲᠠᠷᠢᠬᠢ ᠪᠠᠨ ᠬᠥᠳᠡᠯᠭᠡᠵᠦ ᠂ ᠨᠣᠮ ᠪᠢᠴᠢᠭ ᠲᠠᠢ ᠨᠥᠬᠦᠷᠯᠡᠵᠦ ᠂ ᠮᠡᠳᠡᠯᠭᠡ ᠮᠡᠳᠡᠴᠡ ᠪᠡᠨ ᠭᠦᠨᠵᠡᠭᠡᠢᠷᠡᠭᠦᠯᠦᠨ ᠴᠢᠷᠮᠠᠢᠨ ᠰᠤᠷᠤᠯᠴᠠᠳᠠᠭ ᠢ᠋ᠶ᠋ᠠᠷ ᠥᠭᠦᠯᠡᠯ ᠨᠠᠢᠷᠠᠭᠤᠯᠤᠯ ᠪᠢᠴᠢᠬᠦ ᠂ ᠲᠡᠦᠬᠡ ᠣᠢᠯᠠᠯᠭ᠎ᠠ ᠲᠤᠭᠤᠷᠪᠢᠬᠤ ᠵᠡᠷᠭᠡ ᠣᠷᠤᠯᠳᠤᠯᠭ᠎ᠠ ᠲᠠᠢ ᠪᠠᠢᠳᠠᠭ ᠂ ᠲᠡᠷᠡ ᠂ ᠲᠥᠪ ᠣᠷᠤᠨ ᠠᠢᠮᠠᠭ ᠣᠨ ᠰᠦᠯᠵᠢᠶ᠎ᠡ ᠪᠤᠶᠤ ᠰᠣᠨᠢᠨ ᠰᠡᠳᠭᠦᠯ ᠂ ᠬᠣᠰᠢᠭᠤᠨ ᠣ ᠪᠠᠨ ᠰᠣᠨᠢᠨ ᠰᠡᠳᠭᠦᠯ ᠳ᠋ᠣ 300 ᠭᠠᠷᠤᠢ ᠰᠢᠯᠢᠳᠡᠭ ᠪᠦᠲᠦᠭᠡᠯ ᠢ᠋ᠶ᠋ᠡᠨ ᠨᠡᠢᠲᠡᠯᠡᠭᠦᠯᠦᠭᠰᠡᠨ ᠪᠥᠭᠡᠳ 1996 ᠣᠨ ᠠ᠋ᠴᠠ ᠨᠠᠰᠢ ᠂ ︽ ᠠᠯᠳᠠᠨ ᠬᠢᠯᠢ ︾ ᠂ ︽ ᠤᠷᠢᠶᠠᠩᠬᠠᠨ ᠣᠪᠤᠭ ᠣᠨ ᠪᠦᠭᠡᠨᠡᠷ ᠠᠢᠮᠠᠭ ᠣᠨ ᠦᠶ᠎ᠡ ᠤᠯᠠᠮᠵᠢᠯᠠᠭᠰᠠᠨ ᠪᠢᠴᠢᠭ ︾ ᠂ ︽ ᠠᠮᠢᠳᠤᠷᠠᠯ ᠠ᠋ᠴᠠ ᠬᠤᠷᠤᠢᠯᠠᠭᠰᠠᠨ ᠣᠶᠤᠨ ᠣ ᠳᠡᠭᠡᠵᠢ ︾ ᠳᠡᠭᠡᠳᠦ ᠳᠣᠣᠷᠠᠳᠤ ᠬᠤᠶᠠᠷ ᠨᠣᠮ ᠂ ︽ ᠦᠵᠦᠮᠦᠴᠢᠨ ᠣ ᠴᠠᠭᠠᠨ ᠠᠳᠤᠭᠤᠨ ᠰᠣᠶᠤᠯ ︾ ᠂ ︽ ᠦᠵᠦᠮᠦᠴᠢᠨ ᠦᠬᠡᠷ ᠣᠨ ᠰᠣᠶᠤᠯ ᠢᠷᠭᠡᠨᠰᠢᠯ ︾ ᠂ ︽ ᠬᠠᠯᠠᠮᠵᠢ ᠶᠢᠨ ᠠᠯᠳᠠᠨ ᠬᠠᠭᠤᠳᠠᠰᠤ ︾ ᠂ ︽ ᠦᠵᠦᠮᠦᠴᠢᠨ ᠰᠣᠶᠤᠯ ᠣᠨ ᠬᠡᠯᠬᠢᠶ᠎ᠡ ︾ ᠂ ︽ ᠦᠵᠦᠮᠦᠴᠢᠨ ᠣ ᠵᠠᠩ ᠰᠣᠶᠤᠯ ᠣᠨ ᠮᠡᠳᠡᠯᠭᠡ ᠶᠢᠨ ᠳᠡᠭᠡᠵᠢᠰ ︾ ᠂ ︽ ᠦᠵᠦᠮᠦᠴᠢᠨ ᠭᠠᠯ ᠲᠠᠬᠢᠯᠭ᠎ᠠ ᠬᠢᠭᠡᠳ ᠲᠡᠭᠦᠨ ᠣ ᠵᠠᠩ ᠦᠢᠯᠡ ︾ ᠂ ︽ ᠬᠠᠯᠠᠮᠵᠢ ᠶᠢᠨ ᠢᠷᠠᠭᠤ ᠠᠯᠳᠠᠷ ︾ ᠂ ︽ ᠮᠣᠩᠭᠤᠯᠴᠤᠳ ᠣᠨ ᠪᠠᠢᠭᠠᠯᠢ ᠶ᠋ᠢᠨ ᠠᠶᠤᠯ ᠭᠠᠮᠰᠢᠭ ᠠ᠋ᠴᠠ ᠵᠠᠢᠯᠠᠬᠤ ᠠᠷᠭ᠎ᠠ ᠲᠤᠷᠰᠢᠯᠭ᠎ᠠ ︾ ᠂ ︽ ᠵᠡᠭᠦᠨ ᠦᠵᠦᠮᠦᠴᠢᠨ ᠬᠣᠰᠢᠭᠤᠨ ᠣ ᠤᠯᠠᠮᠵᠢᠯᠠᠯᠲᠤ ᠤᠪᠤᠭ᠎ᠠ ᠲᠠᠬᠢᠯᠭ᠎ᠠ ᠶᠢᠨ ᠴᠢᠭᠤᠯᠭᠠᠨ ︾ ᠂ ︽ ᠴᠢᠩᠭᠢᠰ ᠬᠠᠭᠠᠨ ᠬᠢᠭᠡᠳ ᠦᠵᠦᠮᠦᠴᠢᠨ ᠦ᠌ ᠲᠠᠢᠯᠭ᠎ᠠ ᠳᠠᠬᠢᠯᠭ᠎ᠠ ︾ ᠂ ︽ ᠦᠵᠦᠮᠦᠴᠢᠨ ᠦ᠌ ᠵᠠᠩ ᠦᠢᠯᠡ ᠶᠢᠨ ᠤᠩᠰᠢᠭᠤ ︾ ᠂ ︽ ᠦᠵᠦᠮᠦᠴᠢᠨ ᠦ᠌ ᠰᠢᠷᠭ᠎ᠠ ᠠᠳᠤᠭᠤᠨ ᠵᠠᠩ ᠦᠢᠯᠡ ᠶᠢᠨ ᠰᠣᠶᠤᠯ ︾ ᠵᠡᠷᠭᠡ ᠨᠣᠮ ᠳᠡᠪᠲᠡᠷ ᠣᠨ ᠥᠨᠳᠦᠷ ᠪᠦᠲᠦᠭᠡᠯ ᠲᠠᠢ ᠶᠠᠪᠤᠭ᠎ᠠ ᠪᠥᠭᠡᠳ ᠥᠷᠭᠡᠨ ᠤᠯᠠᠨ ᠤᠩᠰᠢᠭᠴᠢᠳ ᠣᠨ ᠢᠶᠠᠨ ᠳᠤᠯᠠᠭᠠᠨ ᠮᠡᠯᠮᠡᠢ ᠶᠢ ᠮᠢᠯᠢᠶᠠᠵᠤ ᠂ ᠬᠠᠯᠠᠭᠤᠨ ᠬᠦᠷᠢᠶᠡᠯᠡᠯ ᠢ᠋ ᠣᠯᠪᠠ ᠃ ᠲᠡᠷᠡ ᠨᠤᠲᠤᠭ ᠣᠷᠤᠨ ᠣ ᠰᠣᠶᠤᠯ ᠣᠨ ᠦᠢᠯᠡᠰ ᠣᠨ ᠲᠥᠯᠦᠭᠡ ᠡᠨᠡ ᠮᠡᠲᠦ ᠣᠶᠤᠨ ᠤᠬᠠᠭᠠᠨ ᠢᠶᠠᠨ ᠰᠢᠪᠬᠠᠵᠤ ᠂ ᠬᠦᠴᠦᠨ ᠴᠢᠳᠠᠯ ᠢᠶᠠᠨ ᠭᠠᠷᠭᠠᠵᠤ ᠂ ᠮᠣᠩᠭᠤᠯ ᠦᠭᠡ ᠬᠡᠯᠡ ᠦᠰᠦᠭ ᠪᠢᠴᠢᠭ ᠢ᠋ᠶ᠋ᠡᠨ ᠭᠠᠷᠮᠠᠭᠠᠢ ᠰᠠᠢᠨ ᠬᠡᠷᠡᠭᠯᠡᠭᠰᠡᠨ ᠢ᠋ᠶ᠋ᠡᠷ 2006 ᠣᠨ ᠳ᠋ᠤ᠌ ᠣᠷᠤᠨ ᠤ᠋ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠂ ᠮᠣᠩᠭᠤᠯ ᠬᠡᠯᠡ ᠪᠢᠴᠢᠭ ᠦ᠋ᠨ ᠠᠵᠢᠯ ᠤᠨ ᠵᠥᠪᠯᠡᠯ ᠡᠴᠡ ᠡᠷᠬᠢᠯᠡᠭᠰᠡᠨ ︽ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠦᠭᠡ ᠬᠡᠯᠡ ᠦᠰᠦᠭ ᠪᠢᠴᠢᠭ ᠦ᠋ᠨ ᠠᠵᠢᠯ ᠤᠨ ᠳᠦᠷᠢᠮ ᠦ᠋ᠨ ᠮᠡᠳᠡᠯᠭᠡ ᠶᠢᠨ ᠤᠷᠤᠯᠳᠤᠭᠠᠨ ︾ ᠳ᠋ᠤ ᠨᠢᠭᠡᠳᠦᠭᠡᠷ ᠲᠡᠰ ᠦ᠋ᠨ ᠱᠠᠩᠨᠠᠯ ᠣᠯᠣᠭᠰᠠᠨ ᠂ 2014 ᠣᠨ ᠳ᠋ᠣ ᠰᠢᠯᠢ ᠶᠢᠨ ᠭᠣᠣᠯ ᠠᠢᠮᠠᠭ ᠣᠨ ︽ ᠮᠣᠩᠭᠤᠯ ᠬᠡᠯᠡ ᠪᠢᠴᠢᠭ ᠰᠤᠷᠴᠤ ᠬᠡᠷᠡᠭᠯᠡᠭᠰᠡᠨ ᠲᠡᠷᠢᠭᠦᠨ ᠣ ᠬᠤᠪᠢ ᠬᠥᠮᠦᠨ ︾ ᠂ ᠣᠷᠤᠨ ᠣ ︽ ᠬᠣᠢᠴᠢ ᠦᠶ᠎ᠡ ᠶᠢ ᠬᠠᠯᠠᠮᠵᠢᠯᠠᠬᠤ ᠠᠵᠢᠯ ᠳ᠋ᠣ ᠠᠷᠪᠠᠨ ᠵᠢᠯ ᠡᠴᠡ ᠳᠡᠭᠡᠭᠰᠢ ᠠᠵᠢᠯᠯᠠᠵᠤ ᠦᠷ᠎ᠡ ᠪᠦᠲᠦᠮᠵᠢ ᠣᠯᠣᠭᠰᠠᠨ ᠲᠡᠷᠢᠭᠦᠨ ᠣ ᠬᠥᠮᠦᠨ ︾ ᠵᠡᠷᠭᠡ ᠢᠷᠠᠭᠤ ᠠᠯᠳᠠᠷ ᠭᠠᠪᠢᠶᠠᠨ ᠴᠣᠯᠠ ᠶ᠋ᠢ ᠬᠦᠷᠲᠡᠵᠡᠢ ᠃ ᠲᠡᠷᠡ ᠂ ᠣᠷᠤᠨ ᠠᠢᠮᠠᠭ ᠪᠣᠯᠤᠨ ᠮᠣᠩᠭᠤᠯ ᠤᠯᠤᠰ ᠣᠨ ᠳᠣᠷᠤᠨᠠᠳᠤ ᠂ ᠰᠦᠬᠡᠪᠠᠭᠠᠲᠤᠷ ᠵᠡᠷᠭᠡ ᠭᠠᠵᠠᠷ ᠣᠷᠤᠨ ᠢ᠋ᠶ᠋ᠠᠷ ᠶᠠᠪᠤᠵᠤ ᠂ ᠤᠯᠠᠨ ᠤᠳᠠᠭ᠎ᠠ ᠡᠷᠳᠡᠮ ᠰᠢᠨᠵᠢᠯᠡᠭᠡᠨ ᠣ ᠥᠭᠦᠯᠡᠯ ᠢ᠋ᠶ᠋ᠡᠨ ᠳᠡᠪᠰᠢᠭᠦᠯᠵᠦ ᠶᠠᠪᠤᠭᠰᠠᠨ ᠪᠥᠭᠡᠳ ᠣᠢᠷ᠎ᠠ ᠵᠢᠯ ᠦ᠋ᠳ ᠲᠦ᠍ ᠮᠣᠩᠭᠤᠯ ᠦᠭᠡ ᠬᠡᠯᠡ ᠦᠰᠦᠭ ᠪᠢᠴᠢᠭ ᠢ᠋ᠶ᠋ᠡᠨ ᠰᠢᠷᠭᠠᠭᠤ ᠪᠣᠯᠪᠠᠰᠤᠷᠠᠩᠭᠤᠢ ᠬᠡᠷᠡᠭᠯᠡᠵᠦ ᠂ ᠲᠥᠪ ᠦ᠋ᠨ ︽ ᠠᠷᠠᠳ ᠤᠨ ᠰᠦᠯᠵᠢᠶ᠎ᠡ ︾ ᠂ ︽ ᠳᠤᠮᠳᠠᠳᠤ ᠤᠯᠤᠰ ᠤᠨ ᠮᠣᠩᠭᠤᠯ ᠬᠡᠯᠡᠨ ᠦ᠌ ᠰᠣᠨᠢᠨ ᠮᠡᠳᠡᠭᠡᠨ ᠦ᠌ ᠰᠦᠯᠵᠢᠶ᠎ᠡ ︾ ᠂ ︽ ᠬᠣᠯᠪᠤᠭ᠎ᠠ ᠰᠦᠯᠵᠢᠶ᠎ᠡ ︾ ᠂ ︽ ᠴᠢᠩᠭᠢᠰ ᠰᠦᠯᠵᠢᠶ᠎ᠡ ︾ ᠵᠡᠷᠭᠡ ᠮᠡᠳᠡᠭᠡ ᠵᠢᠭᠤᠯᠴᠢᠯᠠᠭᠤᠷ ᠲᠤ᠌ ᠮᠣᠩᠭᠤᠯ ᠦᠰᠦᠭ ᠦ᠋ᠨ ᠡᠯᠧᠺᠲ᠋ᠣᠷᠣᠨ ᠮᠠᠰᠢᠨ ᠢ ᠬᠡᠷᠡᠭᠯᠡᠭᠰᠡᠨ ᠢ᠋ᠶ᠋ᠡᠷ 320 ᠭᠠᠷᠤᠢ ᠵᠣᠬᠢᠶᠠᠯ ᠪᠦᠲᠦᠭᠡᠯ ᠢ᠋ᠶ᠋ᠡᠨ ᠨᠡᠢᠲᠡᠯᠡᠭᠦᠯᠦᠭᠰᠡᠨ ᠪᠠᠢᠨ᠎ᠠ ᠃
Copyight 2016 by nmgmzw.gov.cn All Rights Reserved