ᠨᠡᠷ᠎ᠡ:
ᠲᠡᠮᠦᠷᠪᠠᠭᠠᠲᠤᠷ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠨᠡᠷ᠎ᠡ ᠄ ᠲᠡᠮᠦᠷᠪᠠᠭᠠᠲᠤᠷ ᠪᠢᠷ ᠦ᠋ᠨ ᠨᠡᠷ᠎ᠡ ᠄ ᠰ ᠂ ᠲᠡᠮᠦᠷ ᠲᠥᠷᠦᠭᠰᠡᠨ ᠣᠨ ᠂ ᠰᠠᠷ᠎ᠠ ᠂ ᠡᠳᠦᠷ ᠄ 1965 ᠂ 02 ᠂ 05 ᠨᠤᠲᠤᠭ ᠄ ᠰᠢᠯᠢ ᠶᠢᠨ ᠭᠣᠣᠯ ᠠᠢᠮᠠᠭ ᠤ᠋ᠨ ᠰᠥᠨᠢᠳ ᠪᠠᠷᠠᠭᠤᠨ ᠬᠣᠰᠢᠭᠤᠨ ᠤ᠋ ᠡᠷᠢᠶᠡᠨᠨᠠᠭᠤᠷ ᠰᠤᠮᠤᠨ ᠤ ᠵᠢᠪᠬᠤᠯᠠᠩᠲᠤ ᠭᠠᠴᠠᠭ᠎ᠠ ᠠᠵᠢᠯ ᠄ ᠮᠠᠯᠴᠢᠨ ᠰᠣᠶᠤᠯ ᠤ᠋ᠨ ᠬᠡᠮᠵᠢᠶ᠎ᠡ ᠄ 2003 ᠣᠨ ᠳ᠋ᠤ᠌ ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶᠢᠨ ᠳᠡᠭᠡᠳᠦ ᠵᠡᠷᠭᠡ ᠶᠢᠨ ᠲᠤᠰᠭᠠᠢ ᠮᠡᠷᠭᠡᠵᠢᠯ ᠦ᠋ᠨ ᠰᠤᠷᠭᠠᠭᠤᠯᠢ ᠶᠢᠨ ᠮᠠᠯ ᠠᠵᠤ ᠠᠬᠤᠢ ᠶᠢᠨ ᠰᠠᠯᠪᠤᠷᠢ ᠠᠴᠠ ᠲᠡᠭᠦᠰᠪᠡ ᠃ ᠵᠣᠬᠢᠶᠠᠨ ᠪᠦᠲᠦᠭᠡᠯᠭᠡ ᠶ᠋ᠢᠨ ᠲᠣᠢᠮᠤ ᠄ ᠲᠦᠷᠦᠭᠦᠦ ᠵᠠᠭᠤᠨ ᠤ ᠶᠡᠷᠡᠭᠡᠳ ᠣᠨ ᠳ᠋ᠤ᠌ ᠰᠣᠨᠢᠨ ᠮᠡᠳᠡᠭᠡ ᠪᠢᠴᠢᠵᠦ ᠪᠠᠢᠭᠰᠠᠨ ᠢ᠋ᠶ᠋ᠠᠨ ᠰᠢᠨ᠎ᠡ ᠮᠢᠩᠭᠠᠨ ᠤ᠋ ᠡᠬᠢᠨ ᠡᠴᠡ ᠤᠷᠠᠨ ᠵᠣᠬᠢᠶᠠᠯ ᠤᠷᠤᠯᠳᠤᠨ ᠥᠨᠦ ᠪᠣᠯᠲᠠᠯ᠎ᠠ ᠤᠯᠤᠰ ᠣᠷᠤᠨ ᠠᠢᠮᠠᠭ ᠤ᠋ᠨ ᠰᠣᠨᠢᠨ ᠂ ᠰᠡᠳᠭᠦᠯ ᠂ ᠰᠦᠯᠵᠢᠶᠡᠨ ᠳ᠋ᠦ᠍ ᠭᠤᠴᠢ ᠭᠠᠷᠤᠢ ᠲᠦᠮᠡᠨ ᠦᠰᠦᠭ ᠦ᠋ᠨ ᠥᠭᠦᠯᠡᠯᠭᠡ ᠲᠤᠭᠤᠵᠢ ᠶᠢᠨ ᠪᠦᠲᠦᠭᠡᠯ ᠤᠳ ᠢ᠋ᠶ᠋ᠠᠨ ᠨᠡᠢᠲᠡᠯᠡᠭᠦᠯᠪᠡ ᠃ ᠱᠠᠩᠨᠠᠯ ᠬᠥᠬᠢᠭᠦᠯᠦᠯ ᠄ ︿ ︿ ᠪᠣᠣᠬᠠᠢ ᠶ᠋ᠢᠨ ᠭᠦᠶᠦᠳᠡᠯ ﹀ ﹀ ᠲᠤᠭᠤᠵᠢ ᠪᠠᠷ ᠢᠶᠠᠨ 2015 ᠣᠨ ᠳ᠋ᠤ᠌ ᠪᠥᠬᠦ ᠤᠯᠤᠰ ᠤᠨ ᠬᠡᠪᠴᠢᠶᠡᠨ ᠦ᠌ ᠮᠠᠯᠴᠢᠨ ᠵᠣᠬᠢᠶᠠᠯᠴᠢᠳ ᠤ᠋ᠨ ︿ ︿ ᠰᠦ᠋ ᠵᠢᠨ ᠰᠠᠴᠤᠯᠢ ﹀ ﹀ ᠤᠷᠤᠯᠳᠤᠭᠠᠨ ᠳ᠋ᠤ᠌ ᠲᠡᠷᠢᠭᠦᠯᠡᠵᠦ ᠂ ︿ ︿ ᠭᠤᠳᠤᠷᠠᠭᠠ ﹀ ﹀ ᠂ ︿ ︿ ᠠᠷᠠᠯᠵᠢᠶ᠎ᠠ ﹀ ﹀ ᠂ ︿ ︿ ᠡᠷ᠎ᠡ ᠬᠥᠮᠦᠨ ᠦ᠌ ᠦᠨᠦᠷ ﹀ ﹀ ᠂ ︿ ︿ ᠬᠠᠷ᠎ᠠ ᠣᠪᠤᠭᠠᠨ ᠤ᠋ ᠬᠠᠷᠭᠤᠰᠠᠯ ﹀ ﹀ ᠂ ︿ ︿ ᠱᠠᠭᠠᠵᠠᠭᠠᠢ ᠶᠢᠨ ᠵᠡᠭᠦᠦ ﹀ ﹀ ᠂ ︿ ︿ ᠬᠣᠨᠢᠴᠢ ᠤᠳᠤᠮ ᠤᠨ ᠬᠢᠨ ﹀ ﹀ ᠵᠡᠷᠭᠡ ᠪᠦᠲᠦᠭᠡᠯ ᠢ᠋ᠶ᠋ᠡᠷ ᠢ᠋ᠶ᠋ᠡᠨ ︿ ︿ ᠥᠨᠢᠷ ᠴᠡᠴᠡᠭ ﹀ ﹀ ᠂ ︿ ︿ ᠴᠣᠯᠮᠤᠨ ﹀ ﹀ ᠂ ︿ ︿ ᠬᠤᠨ ᠭᠠᠯᠠᠭᠤ ﹀ ﹀ ᠂ ︿ ︿ ᠰᠢᠯᠢ ᠶᠢᠨ ᠭᠣᠣᠯ ﹀ ﹀ ᠵᠡᠷᠭᠡ ᠰᠡᠳᠭᠦᠯ ᠤᠳ ᠤ᠋ᠨ ᠪᠠ ᠣᠷᠴᠢᠮ ᠤᠨ ᠵᠢᠯ ᠳ᠋ᠦ᠍ ᠪᠣᠯᠤᠭᠰᠠᠨ ᠤᠯᠤᠰ ᠣᠷᠤᠨ ᠤ᠋ ᠬᠡᠪᠴᠢᠶᠡᠨ ᠦ᠌ ᠤᠷᠤᠯᠳᠤᠭᠠᠨ ᠲᠡᠮᠡᠴᠡᠭᠡᠨ ᠨᠦ᠍ᠭᠦᠳ ᠲᠦ᠍ ᠣᠷᠤᠯᠴᠠᠨ ᠳᠡᠭᠡᠭᠦᠷ ᠪᠠᠢᠷᠢᠨ ᠳ᠋ᠤ᠌ ᠰᠢᠯᠭᠠᠷᠠᠭᠰᠠᠭᠠᠷ ᠢᠷᠡᠪᠡ ᠃ ᠰᠢᠯᠢ ᠶᠢᠨ ᠭᠣᠣᠯ ᠠᠢᠮᠠᠭ ᠤ᠋ᠨ ᠪᠠ ᠰᠥᠨᠢᠳ ᠪᠠᠷᠠᠭᠤᠨ ᠬᠣᠰᠢᠭᠤᠨ ᠤ᠋ ᠰᠢᠯᠢᠳᠡᠭ ᠵᠣᠬᠢᠶᠠᠯᠴᠢ ᠶ᠋ᠢᠨ ᠨᠡᠷ᠎ᠡ ᠬᠦᠨᠳᠦ ᠶᠢ ᠤᠷᠢᠳ ᠬᠣᠵᠢᠳ ᠬᠦᠷᠲᠡᠪᠡ ᠃ ᠬᠡᠪᠯᠡᠭᠦᠯᠦᠭᠰᠡᠨ ᠨᠣᠮ ᠲᠡᠭᠦᠪᠦᠷᠢ ᠄ 2013 ᠣᠨ ᠳ᠋ᠤ᠌ ︿ ︿ᠡᠷ᠎ᠡ ᠬᠥᠮᠦᠨ ᠦ᠌ ᠦᠨᠦᠷ ﹀ ﹀ ᠥᠭᠦᠯᠡᠯᠭᠡ ᠶ᠋ᠢᠨ ᠲᠡᠭᠦᠪᠦᠷᠢ ᠪᠡᠨ ᠠᠷᠠᠳ ᠤᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠦᠯᠪᠡ ᠃ 2018 ᠣᠨ ᠳ᠋ᠤ᠌ ︿ ︿ ᠴᠠᠭ ᠤᠨ ᠥᠡᠭᠭᠡ ﹀ ﹀ ᠺᠢᠷᠢᠯ ᠦᠰᠦᠭ ᠦ᠋ᠨ ᠥᠭᠦᠯᠡᠯᠭᠡ ᠶ᠋ᠢᠨ ᠲᠡᠭᠦᠪᠦᠷᠢ ᠪᠡᠨ ᠤᠯᠠᠭᠠᠨᠪᠠᠭᠠᠲᠤᠷ ᠬᠣᠲᠠᠨ᠎ᠠ ᠬᠡᠪᠯᠡᠭᠦᠯᠪᠡ ᠃ ︿ ︿ ᠪᠣᠣᠬᠠᠢ ᠶ᠋ᠢᠨ ᠭᠦᠶᠦᠳᠡᠯ ﹀ ﹀ ᠥᠭᠦᠯᠡᠯᠭᠡ ᠶ᠋ᠢᠨ ᠲᠡᠭᠦᠪᠦᠷᠢ ᠪᠡᠨ ᠨᠢᠭᠡᠨᠲᠡ ᠬᠡᠪᠯᠡᠯ ᠳ᠋ᠦ᠍ ᠥᠭᠭᠦᠭᠡᠳ2019 ᠣᠨ ᠳ᠋ᠤ᠌ ᠠᠷᠠᠳ ᠤᠨ ᠬᠡᠪᠯᠡᠯ ᠦ᠋ᠨ ᠬᠣᠷᠢᠶᠠᠨ ᠠ᠋ᠴᠠ ᠬᠡᠪᠯᠡᠭᠳᠡᠬᠦ ᠪᠡᠷ ᠪᠠᠢᠭ᠎ᠠ ᠃ ᠰᠢᠯᠢ ᠶᠢᠨ ᠭᠣᠣᠯ ᠠᠢᠮᠠᠭ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠂ ᠥᠪᠦᠷ ᠮᠣᠩᠭᠤᠯ ᠤ᠋ᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠵᠡᠷᠭᠡ ᠡᠭᠦᠷᠭᠡ ᠲᠠᠢ ᠃
Copyight 2016 by nmgmzw.gov.cn All Rights Reserved