ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠯ‍ ᠂ ᠣᠳᠤᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠯ‍ ᠂ ᠣᠳᠤᠨ ᠂ ᠡᠷᠡᠭᠲᠡᠢ ᠂ 1969 ᠣᠨ ᠤ᠋ 10 ᠰᠠᠷ᠎ᠠ ᠳ᠋ᠤ᠌ ᠬᠥᠬᠡᠨᠠᠭᠤᠷ ᠮᠤᠵᠢ  ᠶᠢᠨ ᠤᠯᠠᠭᠠᠨ ᠰᠢᠶᠠᠨ ᠤ ᠬᠦᠬᠡᠳ ᠪᠠᠯᠭᠠᠰᠤᠨ ᠤ ᠪᠤᠯᠠᠩᠭᠢᠷ ᠲᠣᠰᠭᠤᠨ ᠳ᠋ᠤ᠌ ᠰᠤᠯᠢ  ᠶᠢᠨ ᠭᠣᠣᠯ ᠬᠡᠮᠡᠬᠦ ᠭᠠᠵᠠᠷ ᠡᠩ ᠦ᠋ᠨ ᠮᠠᠯᠴᠢᠨ ᠯᠾᠮᠨᠢᠨ ᠪᠣᠯᠤᠨ ᠴᠡᠴᠡᠭ ᠦ᠋ᠨ ᠳᠣᠯᠤᠳᠤᠭᠠᠷ ᠦᠷ᠎ᠡ ᠪᠣᠯᠤᠨ ᠵᠠᠶᠠᠭᠠᠵᠠᠢ ᠃ ᠳᠡᠭᠡᠳᠦ ᠵᠡᠷᠭᠡ  ᠶᠢᠨ ᠲᠤᠰᠭᠠᠢ ᠮᠡᠷᠭᠡᠵᠢᠯ ᠦ᠋ᠨ ᠰᠣᠶᠤᠯ ᠲᠠᠢ ᠂ ᠪᠠᠭᠰᠢ  ᠶᠢᠨ ᠠᠯᠪᠠ ᠲᠠᠢ ᠃ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ᠌ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ᠬᠥᠬᠡᠨᠠᠭᠤᠷ ᠮᠤᠵᠢ  ᠶᠢᠨ ᠵᠣᠬᠢᠶᠠᠯᠴᠢᠳ ᠤᠨ ᠡᠪᠯᠡᠯ ᠦ᠋ᠨ ᠭᠡᠰᠢᠭᠦᠨ ᠂ ᠬᠥᠬᠡᠨᠠᠭᠤᠷ ᠮᠤᠵᠢ  ᠶᠢᠨ ᠬᠠᠢᠰᠢ ᠵᠧᠦ ᠶ᠋ᠢᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ ᠂ ︿︿ ᠯᠦ᠍ ᠰᠢᠶᠦ᠋ᠨ ﹀﹀ ᠨᠡᠷᠡᠮᠵᠢᠲᠦ ᠤᠳᠭ᠎ᠠ ᠵᠣᠬᠢᠶᠠᠯ ᠤ᠋ᠨ ᠳᠡᠭᠡᠳᠦ ᠰᠤᠷᠭᠠᠭᠤᠯᠢ  ᠶᠢᠨ ᠰᠤᠷᠤᠯᠭᠠᠲᠠᠨ ᠃ ᠯ‍ ᠂ ᠣᠳᠤᠨ ᠠᠵᠢᠯ ᠤᠨ ᠴᠢᠯᠦᠭᠡ ᠵᠠᠪ  ᠢᠶᠠᠷ  ᠢᠶᠠᠨ ︽ ᠥᠨᠢᠷ ᠴᠡᠴᠡᠭ ︾ ᠂ ︽ ᠠᠯᠲᠠᠨ ᠲᠦᠯᠬᠢᠭᠦᠷ ︾ ᠂ ︽ ᠤᠳᠭ᠎ᠠ ᠵᠣᠬᠢᠶᠠᠯ ᠤᠷᠠᠯᠢᠭ ︾ ︵ ᠮᠣᠩᠭᠤᠯ ᠤᠯᠤᠰ ︶ ᠂ ︽ ᠶᠠᠨ ᠮᠢᠩ ᠬᠤ ︾ ︵ ᠬᠢᠲᠠᠳ ᠬᠡᠪᠯᠡᠯ ︶ ᠂ ︽ ᠦᠦᠷ ᠦ᠋ᠨ ᠴᠣᠯᠮᠤᠨ ︾ ᠂ ︽ ᠪᠠᠷᠠᠭᠤᠨ ᠮᠣᠩᠭᠤᠯ ᠰᠤᠳᠤᠯᠤᠯ ︾ ᠂ ︽ ᠭᠣᠪᠢ  ᠶᠢᠨ ᠬᠠᠪᠤᠷ ︾ ︵ ᠬᠢᠲᠠᠳ ᠬᠡᠪᠯᠡᠯ ︶ ᠵᠡᠷᠭᠡ ᠤᠯᠤᠰ ᠤᠨ ᠳᠣᠲᠤᠭᠠᠳᠤ ᠭᠠᠳᠠᠭᠠᠳᠤ  ᠶᠢᠨ ᠡᠯ᠎ᠡ ᠰᠣᠨᠢᠨ ᠰᠡᠳᠭᠦᠯ ᠳᠡᠭᠡᠷ᠎ᠡ ᠵᠠᠭᠤ ᠭᠠᠷᠤᠢ ᠲᠦᠮᠡᠨ ᠦᠰᠦᠭ ᠦ᠋ᠨ ᠵᠣᠬᠢᠶᠠᠯ ᠪᠦᠲᠦᠭᠡᠯ ︵ ᠮᠣᠩᠭᠤᠯ ᠬᠢᠲᠠᠳ ᠬᠣᠣᠰ ᠬᠡᠯᠡ ᠪᠡᠷ ︶  ᠢᠶᠠᠨ ᠨᠡᠢᠲᠡᠯᠡᠭᠦᠯᠬᠦ ᠶ᠋ᠢᠨ ᠳᠠᠭᠠᠤ ︿︿ ᠨᠢᠳᠦᠨ ᠨᠠᠭᠤᠷ ᠤᠨ ᠳᠣᠯᠭᠢᠶᠠᠨ ﹀﹀ ᠂ ︿︿ ᠵᠠᠶᠠᠭᠠᠨ ᠤ ᠲᠡᠭᠷᠢ ﹀﹀ ᠂ ︽ ᠬᠡᠭᠡᠷ᠎ᠡ ᠶ᠋ᠢᠨ ᠵᠠᠶᠠᠭ᠎ᠠ ︾ ᠬᠡᠮᠡᠬᠦ ᠭᠤᠷᠪᠠᠨ ᠨᠣᠮ ᠬᠡᠪᠯᠡᠭᠦᠯᠪᠡ ᠃ ᠡᠭᠦᠨ ᠡᠴᠡ ᠭᠠᠳᠠᠨ᠎ᠠ ︽ ᠮᠣᠩᠭᠤᠯ ᠤᠳᠭ᠎ᠠ ᠤᠷᠠᠯᠢᠭ ᠤᠨ ᠰᠢᠭᠦᠮᠵᠢ  ᠶᠢᠨ ᠰᠢᠯᠢᠮᠡᠯ ︾ ᠂ ︽ ᠨᠠᠬᠢᠶ᠎ᠠ ᠂ ᠴᠡᠴᠡᠭ ᠂ ᠵᠢᠮᠢᠰ ︾ ᠂ ︿︿ ᠥᠨᠳᠦᠷᠯᠢᠭ ᠦ᠋ᠨ ᠴᠤᠤᠷᠢᠶ᠎ᠠ ﹀﹀ ᠂ ︽ ᠳᠡᠭᠡᠳᠦ ᠮᠣᠩᠭᠤᠯ ᠤᠨ ᠢᠷᠠᠭᠤ ᠳᠠᠭᠤᠨ ︾ ᠂ ︽ ᠮᠠᠨ ᠤ ᠠᠩᠭᠢ  ᠶᠢᠨ ᠬᠢᠨ ︾ ︵ ᠬᠢᠲᠠᠳ ᠬᠡᠪᠯᠡᠯ ︶ ᠂ ︽ ᠮᠡᠳᠡᠷᠡᠬᠦᠢ  ᠶᠢᠨ ᠥᠩᠭᠡ ︾ ᠵᠡᠷᠭᠡ ᠠᠷᠪᠠᠭᠠᠳ ᠨᠣᠮ ᠳ᠋ᠤ᠌ ᠠᠳᠠᠯᠢ ᠪᠤᠰᠤ ᠪᠦᠲᠦᠭᠡᠯ ᠨᠢ ᠰᠣᠩᠭᠤᠭᠳᠠᠭᠰᠠᠨ ᠪᠥᠭᠡᠳ ︽ ᠠᠪᠤ ᠮᠢᠨᠢ ︾ ᠂ ︽ ᠡᠵᠢ ᠪᠠᠨ ᠰᠠᠨᠠᠬᠤ ᠳ᠋ᠤ᠌ ︾ ᠂ ︽ ᠰᠠᠢᠷ ᠣᠪᠤᠭ᠎ᠠ ︾ ᠂ ︽ ᠳᠡᠯᠡᠬᠡᠢ ᠳ᠋ᠦ᠍ ᠭᠠᠭᠴᠠᠬᠠᠨ ᠮᠣᠩᠭᠤᠯ ᠨᠤᠲᠤᠭ ︾ ᠭᠡᠬᠦ ᠵᠡᠷᠭᠡ ᠳᠠᠭᠤᠤ  ᠶᠢᠨ ᠦᠭᠡ ᠪᠢᠴᠢᠵᠦ ᠂ ᠡᠳᠡᠭᠡᠷ ᠳᠠᠭᠤᠤ ᠨᠢ ᠠᠳᠠᠯᠢ ᠪᠤᠰᠤ CD ᠲᠠᠪᠠᠭ ᠲᠤ ᠰᠣᠩᠭᠤᠭᠳᠠᠨ ᠣᠷᠤᠵᠠᠢ ᠃ ᠯ‍ ᠂ ᠣᠳᠤᠨ ᠤᠷᠢᠳ ᠬᠣᠵᠢᠳ ᠪᠦᠬᠦ ᠤᠯᠤᠰ ᠤᠨ ᠮᠣᠩᠭᠤᠯ ᠰᠣᠨᠢᠨ ᠤ ᠰᠠᠢᠨ ᠰᠡᠳᠦᠪ ᠦ᠋ᠨ ᠱᠠᠩᠨᠠᠯ ᠂ ᠳᠡᠭᠡᠳᠦ ᠮᠣᠩᠭᠤᠯ ᠤᠨ ᠭᠤᠷᠪᠠ ᠂ ᠳᠥᠷᠪᠡ ᠂ ᠲᠠᠪᠤᠳᠤᠭᠠᠷ ᠤᠳᠠᠭᠠᠨ ᠤ ︿︿ ᠮᠥᠩᠬᠡ ᠠᠷᠴᠠ ﹀﹀ ᠢᠷᠠᠭᠤ ᠨᠠᠢᠷᠠᠭ ᠤ᠋ᠨ ᠤᠷᠤᠯᠳᠤᠭᠠᠨ ᠤ ᠬᠣᠶᠠᠳᠤᠭᠠᠷ ᠳᠡᠰ ᠦ᠋ᠨ ᠱᠠᠩᠨᠠᠯ ᠂ ︿︿ ᠬᠤᠨ ᠭᠠᠯᠠᠭᠤ ﹀﹀ ᠨᠡᠷᠡᠮᠵᠢᠲᠦ ᠣᠬᠤᠷ ᠵᠣᠬᠢᠶᠠᠯ ᠤ᠋ᠨ ᠤᠷᠤᠯᠳᠤᠭᠠᠨ ᠤ ᠰᠢᠯᠢᠳᠡᠭ ᠱᠠᠩᠨᠠᠯ ᠂ ︿︿ ᠬᠡᠰᠢᠭᠪᠠᠲᠤ ﹀﹀ ᠪᠦᠬᠦ ᠤᠯᠤᠰ ᠤᠨ ᠮᠣᠩᠭᠤᠯ ᠢᠷᠠᠭᠤ ᠨᠠᠢᠷᠠᠭ ᠤ᠋ᠨ ᠤᠷᠤᠯᠳᠤᠭᠠᠨ ᠤ ᠮᠥᠩᠭᠦᠨ ᠣᠳᠤᠨ ᠱᠠᠩᠨᠠᠯ ᠂ ︿︿ ᠥᠨᠢᠷ ᠴᠡᠴᠡᠭ ﹀﹀ ᠱᠠᠩᠨᠠᠯᠲᠤ ᠥᠭᠦᠯᠡᠯᠭᠡ ᠂ ᠨᠠᠢᠷᠠᠭᠤᠯᠤᠯ ᠂ ᠪᠠᠷᠢᠮᠲᠠᠲᠤ ᠵᠣᠬᠢᠶᠠᠯ ᠤ᠋ᠨ ᠤᠷᠤᠯᠳᠤᠭᠠᠨ ᠤ ᠰᠢᠯᠢᠳᠡᠭ ᠱᠠᠩᠨᠠᠯ ᠂ ᠪᠦᠬᠦ ᠤᠯᠤᠰ ᠤᠨ ᠠᠩᠬᠠᠳᠠᠭᠴᠢ ᠤᠳᠠᠭᠠᠨ ᠤ ︿︿ ᠠᠭᠸᠠᠩᠳᠠᠨᠳᠠᠷ ﹀﹀ ᠨᠡᠷᠡᠮᠵᠢᠲᠦ ᠮᠣᠩᠭᠤᠯ ᠢᠷᠠᠭᠤ ᠨᠠᠢᠷᠠᠭ ᠤ᠋ᠨ ᠤᠷᠤᠯᠳᠤᠭᠠᠨ ᠤ ᠰᠢᠯᠢᠳᠡᠭ ᠱᠠᠩᠨᠠᠯ ᠂ ᠬᠥᠬᠡᠨᠠᠭᠤᠷ ᠮᠤᠵᠢ  ᠶᠢᠨ ᠵᠠᠰᠠᠭ ᠤᠨ ᠣᠷᠳᠤᠨ ᠤ ᠳᠣᠯᠤᠳᠤᠭᠠᠷ ᠤᠳᠠᠭᠠᠨ ᠤ ᠤᠳᠭ᠎ᠠ ᠤᠷᠠᠯᠢᠭ ᠤᠨ ᠱᠠᠩᠨᠠᠯ ᠂ ︽ ᠥᠨᠢᠷ ᠴᠡᠴᠡᠭ ︾ ᠰᠡᠳᠭᠦᠯ ᠦ᠋ᠨ ᠮᠣᠩᠭᠤᠯ ᠲᠤᠭᠤᠵᠢ  ᠶᠢᠨ ᠤᠷᠤᠯᠳᠤᠭᠠᠨ ᠤ ᠰᠢᠯᠢᠳᠡᠭ ᠱᠠᠩᠨᠠᠯ ᠂ ᠪᠦᠬᠦ ᠤᠯᠤᠰ ᠤ᠋ᠨ ︽ ᠢᠷᠠᠭᠤ ᠦᠭᠡᠰ ᠦ᠋ᠨ ᠡᠷᠬᠢᠰ ︾ ᠬᠡᠮᠡᠬᠦ ᠮᠣᠩᠭᠤᠯ ᠨᠠᠢᠷᠠᠭᠤᠯᠤᠯ ᠤ᠋ᠨ ᠤᠷᠤᠯᠳᠤᠭᠠᠨ ᠤ ᠰᠢᠯᠢᠳᠡᠭ ᠱᠠᠩᠨᠠᠯ ᠂ ᠪᠦᠬᠦ ᠤᠯᠤᠰ ᠤᠨ ︽ ᠱᠠᠭᠳᠠᠷ ︾ ᠬᠤᠨᠳᠠᠭᠠᠲᠤ ᠢᠷᠠᠭᠤ ᠨᠠᠢᠷᠠᠭ ᠤ᠋ᠨ ᠨᠠᠭᠠᠳᠤᠮ ᠤᠨ ᠰᠢᠯᠢᠳᠡᠭ ᠱᠠᠩᠨᠠᠯ ᠂ ︽ ᠴᠣᠯᠮᠤᠨ ︾ ᠰᠡᠳᠭᠦᠯ ᠦ᠋ᠨ ᠲᠤᠭᠤᠵᠢᠰ ᠤᠨ ᠤᠷᠤᠯᠳᠤᠭᠠᠨ ᠤ ᠭᠤᠷᠪᠠᠳᠤᠭᠠᠷ ᠳᠡᠰ ᠦ᠋ᠨ ᠱᠠᠩᠨᠠᠯ ᠂ ︽ ᠱᠠᠭᠳᠠᠷ ︾ ᠬᠤᠨᠳᠠᠭᠠᠲᠤ ᠮᠣᠩᠭᠤᠯ ᠲᠤᠭᠤᠵᠢᠰ ᠤᠨ ᠨᠠᠭᠠᠳᠤᠮ ᠤᠨ ᠰᠢᠯᠢᠳᠡᠭ ᠲᠡᠰ ᠂ ᠭᠤᠷᠪᠠᠳᠤᠭᠠᠷ ᠤᠳᠠᠭ᠎ᠠ  ᠶᠢᠨ ︽ ᠴᠣᠮᠤᠷᠯᠢᠭ ︾ ᠬᠤᠨᠳᠠᠭᠠᠲᠤ ᠮᠣᠩᠭᠤᠯ ᠬᠡᠦᠬᠡᠳ ᠦ᠋ᠨ ᠥᠭᠦᠯᠡᠯᠭᠡ ᠶ᠋ᠢᠨ ᠤᠷᠤᠯᠳᠤᠭᠠᠨ ᠤ ᠬᠣᠶᠠᠳᠤᠭᠠᠷ ᠲᠡᠰ ︵ 2018 ᠣᠨ ︶ ᠵᠡᠷᠭᠡ ᠱᠠᠩᠨᠠᠯ  ᠢᠶᠠᠷ ᠡᠩᠭᠡᠷ ᠢ᠋ᠶ᠋ᠡᠨ ᠮᠢᠯᠢᠶᠠᠯᠭᠠᠵᠠᠢ ᠃